ᠰᠦᠯᠳᠡ ᠰᠤᠮᠤᠨ ᠤ ᠲᠤᠭᠤᠷᠢᠮ ᠭᠠᠴᠠᠭᠠᠨ ᠤ ᠮᠠᠯᠴᠢᠨ ᠠᠯᠳᠠᠨ᠋ᠧᠴᠢᠷ 1981 ᠤᠨ ᠠᠴᠠ ᠡᠬᠢᠯᠡᠨ ᠡᠯᠡᠰᠤ ᠶᠢ ᠨᠤᠭᠤᠭᠠᠷᠠᠭᠤᠯᠬᠤ ᠬᠦᠰᠡᠯ ᠳᠤ ᠪᠠᠨ | ᠲᠠᠳᠠᠬᠳᠡᠨ ᠤᠶᠢᠵᠢᠭᠤᠯᠬᠤ ᠠᠵᠢᠯ ᠢᠶᠠᠨ ᠠᠩᠬ᠎ᠠ ᠡᠬᠢᠯᠡᠭᠦᠯᠦᠭᠰᠡᠨ ᠠᠴᠠ ᠤᠳᠤ ᠪᠤᠯᠬᠤ ᠳᠤ ᠨᠢᠭᠡᠨᠳᠡ 40 ᠭᠠᠷᠤᠢ ᠵᠢᠯ ᠤᠨ ᠨᠢᠭᠤᠷ ᠦᠵᠡᠵᠤ ᠪᠠᠶᠢᠨ᠎ᠠ᠃ | ᠲᠤᠬᠠᠢ ᠶᠢᠨ ᠦᠶ᠎ᠡ ᠳᠤ ᠦᠪᠡᠷ ᠤᠨ ᠪᠡᠯᠴᠢᠭᠡᠷ ᠲᠤ ᠨᠢ ᠪᠠᠶᠢᠭ᠎ᠠ 1000 ᠭᠠᠷᠤᠢ ᠡᠯᠡᠰᠤ ᠶᠢ ᠤᠶᠢᠵᠢᠭᠤᠯᠵᠤ ᠪᠠᠷᠠᠬᠰᠡᠨ ᠤ ᠰᠠᠭᠤᠷᠢᠨ ᠲᠡᠭᠡᠷ᠎ᠡ ᠦᠢᠷ᠎ᠠ | ᠤᠷᠴᠢᠮ ᠳᠤ ᠨᠢ ᠪᠠᠶᠢᠭ᠎ᠠ ᠪᠤᠰᠤᠳ ᠠᠶᠢᠯ ᠤᠨ ᠡᠯᠡᠰᠤ ᠮᠠᠩᠬ᠎ᠠ ᠶᠢ ᠲᠠᠭᠠᠭᠠᠴᠢᠯᠠᠵᠤ ᠤᠶᠢᠵᠢᠭᠤᠯᠤᠬᠰᠡᠨ ᠪᠠᠶᠢᠨ᠎ᠠ᠃ ᠮᠦᠨ ᠴᠤ ᠲᠤᠬᠠᠢ ᠶᠢᠨ ᠦᠶ᠎ᠡ ᠳᠤ | ᠠᠶᠢᠯ ᠡᠷᠤᠭᠡ ᠳᠤ ᠮᠠᠰᠢᠨ ᠲᠦᠭᠦᠭᠡᠷᠤᠮᠵᠢ ᠲᠤᠳᠠᠮᠠᠭ ᠪᠠᠶᠢᠬᠰᠡᠨ ᠠᠴᠠ ᠪᠦᠬᠦᠨ ᠢ ᠬᠦᠮᠤᠨ ᠤ ᠬᠦᠴᠦ ᠪᠠᠷ ᠲᠠᠷᠢᠵᠤ ᠤᠶᠢᠵᠢᠭᠤᠯᠤᠨᠡ ᠭᠡᠳᠡᠭ ᠴᠢᠨᠢ ᠪᠠᠰᠨ | ᠬᠢᠯᠪᠡᠷ ᠠᠵᠢᠯ ᠪᠢᠰᠢ ᠪᠠᠶᠢᠯ᠎ᠠ᠃ ᠤᠯᠡᠨ ᠵᠢᠯ ᠤᠨ ᠰᠢᠷᠭᠠᠭᠤ ᠬᠦᠳᠡᠯᠮᠤᠷᠢ᠂ ᠬᠠᠳᠠᠭᠤᠵᠢᠯᠳᠠᠢ ᠴᠢᠷᠮᠠᠶᠢᠯᠭ᠎ᠠ ᠪᠠᠷ ᠲᠠᠮᠵᠢᠭᠠᠳ 2005 ᠤᠨ ᠬᠦᠷᠬᠦ ᠳᠤ 3 | ᠲᠦᠮᠨ ᠭᠠᠷᠤᠢ ᠮᠤ᠋ ᠶᠢᠨ ᠡᠯᠡᠰᠤ ᠶᠢ ᠬᠠᠷᠠᠭᠠᠨ᠎ᠠ᠂ ᠲᠤᠷᠯᠤᠭ᠂ ᠤᠳᠠ ᠮᠤᠳᠤ ᠵᠡᠷᠭᠡ ᠶᠢ ᠲᠠᠷᠢᠵᠤ ᠠᠮᠵᠢᠯᠳᠡ ᠲᠠᠢ ᠤᠶᠢᠵᠢᠭᠤᠯᠵᠤ ᠳᠠᠭᠤᠰᠬᠠᠬᠰᠡᠨ ᠪᠠᠶᠢᠨ᠎ᠠ᠃ | 1981 ᠤᠨ ᠳᠤ ᠤᠯᠤᠰ ᠤᠨ ᠤᠢ ᠰᠢᠭᠤᠢ ᠶᠢᠨ ᠶᠠᠮᠤᠨ ᠠᠴᠠ ᠮᠠᠯᠴᠢᠨ ᠠᠯᠳᠠᠨ᠋ᠧᠴᠢᠷ ᠲᠤ ︽ᠤᠶᠢᠵᠢᠭᠤᠯᠤᠳᠡ ᠶᠢᠨ ᠭᠠᠪᠰᠢᠭᠠᠶᠢᠯᠠᠬᠴᠢ︾ ᠭᠡᠬᠦ ᠢᠷᠠᠭᠤ | ᠠᠯᠳᠡᠷ ᠢ ᠤᠯᠭᠤᠵᠤ ᠲᠡᠭᠦᠨ ᠤ ᠤᠶᠢᠵᠢᠭᠤᠯᠤᠯᠳᠡ ᠶᠢᠨ ᠵᠤᠷᠢᠭ ᠰᠠᠨᠠᠭ᠎ᠠ ᠶᠢ ᠦᠨᠡᠯᠡᠭᠰᠡᠨ ᠤ ᠬᠠᠮᠳᠤ ᠤᠯᠡᠨ ᠳᠤ ᠲᠠᠭᠤᠷᠢᠰᠤᠭᠤᠯᠤᠬᠰᠡᠨ ᠪᠠᠶᠢᠨ᠎ᠠ᠃ ᠤᠳᠤ | ᠠᠯᠳᠡᠨ᠋ᠧᠴᠢᠷ ᠬᠡᠳᠤᠶᠢᠪᠡᠷ ᠨᠠᠰᠤ ᠠᠬᠢᠬᠰᠡᠨ ᠴᠤ ᠤᠢ ᠮᠤᠳᠤ ᠪᠠᠨ ᠠᠷᠠᠴᠢᠯᠡᠨ ᠬᠠᠮᠠᠭᠠᠯᠠᠵᠤ᠂ ᠨᠤᠳᠤᠭ ᠤᠨ ᠤᠯᠡᠨ ᠲᠦᠮᠡᠨ ᠢᠶᠠᠨ ᠳᠠᠶᠢᠴᠢᠯᠡᠨ | ᠤᠶᠢᠵᠢᠭᠤᠯᠤᠯᠳᠡ ᠶᠢᠨ ᠠᠵᠢᠯ ᠢᠶᠠᠨ ᠦᠷᠭᠦᠯᠵᠢᠯᠡᠭᠦᠯᠵᠤ ᠪᠠᠶᠢᠨ᠎ᠠ᠃ | | | ᠵᠣᠬᠢᠶᠠᠭᠴᠢ᠄ ᠵᠢᠷᠡᠨᠡ | |