ᠣᠷᠳᠣᠰ ᠨᠠᠷᠢᠨ ᠨᠣᠣᠰᠤᠲᠤ ᠬᠤᠨᠢᠨ ᠮᠢᠬᠠᠨ ᠳᠤ ᠤᠭᠤᠷᠠᠭ ᠤᠨ ᠠᠭᠤᠯᠤᠭᠳᠠᠴᠠ ᠦᠨᠳᠦᠷ᠂ ᠥᠭᠡᠬᠦ ᠪᠠᠭ᠎ᠠ᠂ ᠰᠦᠰᠦᠨ ᠤ ᠭᠤᠨᠠᠨ ᠠᠯᠺᠦᠦᠯ | ᠳᠤᠤᠷ᠎ᠠ᠂ ᠰᠢᠮ᠎ᠡ ᠲᠡᠵᠢᠭᠡᠯ ᠦᠨᠳᠦᠷ᠂ ᠰᠢᠨ᠎ᠡ ᠰᠤᠷᠭᠤᠭ᠂ ᠥᠨᠥᠷ ᠠᠮᠲᠠ ᠪᠠᠷ ᠥᠪᠡᠷᠮᠢᠴᠠ ᠵᠡᠷᠭᠡ ᠣᠨᠴᠠᠯᠢᠭ ᠲᠠᠢ᠃ | ᠬᠡᠮᠵᠢᠯᠲᠡ ᠶᠢ ᠦᠨᠳᠦᠰᠦᠯᠡᠪᠡᠯ᠂ ᠠᠳᠠᠯᠢᠬᠠᠨ ᠠᠷᠠᠴᠢᠯᠠᠭ᠎ᠠ ᠬᠠᠮᠢᠶᠠᠷᠦᠯᠲᠠ ᠶᠢᠨ ᠨᠥᠬᠦᠴᠡᠯ ᠲᠤᠤᠷ᠎ᠠ᠂ ᠣᠷᠳᠣᠰ ᠨᠠᠷᠢᠨ ᠨᠣᠣᠰᠤᠲᠤ ᠬᠤᠨᠢᠨ ᠮᠢᠬᠠᠨ | ᠤ ᠰᠢᠮ᠎ᠡ ᠲᠡᠵᠢᠭᠡᠯ ᠤᠨ ᠶᠠᠰᠦ ᠴᠢᠨᠠᠷ ᠤᠨ ᠵᠢᠭᠠᠯᠲᠠ ᠬᠠᠭᠤᠷᠠᠢ ᠡᠳ᠋ ᠵᠢᠴᠢ ᠤᠭᠤᠷᠠᠭ ᠤᠨ ᠠᠭᠤᠯᠤᠭᠳᠠᠴᠠ ᠨᠢ ᠴᠥᠮ ᠳ᠋ᠦ᠋ ᠪᠦᠸᠧ ᠬᠤᠨᠢᠨ ᠮᠢᠬᠠᠨ ᠠᠴᠠ | ᠦᠨᠳᠦᠷ ᠮᠥᠷᠳᠡᠭᠡᠨ ︽ᠳᠤᠮᠳᠠᠳᠤ ᠤᠯᠤᠰ ᠤᠨ ᠢᠳᠡᠭᠡᠨ ᠤ ᠪᠥᠷᠢᠯᠳᠦᠭᠦᠨ ᠤ ᠪᠠᠷᠢᠮᠵᠢᠶ᠎ᠠ ︵ᠵᠢᠷᠭᠤᠳᠤᠭᠠᠷ ᠬᠡᠪ︶︾ ᠳᠠᠬᠢ ᠯᠠᠪᠯᠠᠯᠲᠠ ᠬᠡᠮᠵᠢᠶ᠎ᠡ ᠠᠴᠠ | ᠰᠢᠯᠢᠳᠡᠭ᠃ ᠰᠦᠰᠦᠨ ᠤ ᠭᠤᠨᠠᠨ ᠠᠯᠺᠦᠦᠯ ᠤᠨ ᠬᠡᠮᠵᠢᠶ᠎ᠡ ᠨᠢ ᠳ᠋ᠦ᠋ ᠪᠦᠸᠧ ᠬᠤᠨᠢᠨ ᠮᠢᠬᠠᠨ ᠠᠴᠠ ᠳᠣᠣᠷ᠎ᠠ᠃ ᠣᠷᠳᠣᠰ ᠨᠠᠷᠢᠨ ᠨᠣᠣᠰᠤᠲᠤ ᠬᠤᠨᠢᠨ ᠮᠢᠬᠠᠨ | ᠤ ᠲᠡᠳ᠋ ᠲᠤᠰᠤᠨ ᠬᠦᠴᠢᠯ ᠤᠨ ᠠᠭᠤᠯᠣᠭᠳᠠᠴᠠ ᠨᠢ ᠳ᠋ᠦ᠋ ᠪᠦᠸᠧ ᠬᠤᠨᠢᠨ ᠤ 2 ᠲᠠᠬᠢᠨ ᠣᠷᠴᠢᠮ ᠪᠠᠶᠢᠵᠤ᠂ ᠯᠠᠪᠯᠠᠯᠲᠠ ᠬᠡᠮᠵᠢᠶ᠎ᠡ ᠠᠴᠠ ᠦᠨᠳᠦᠷ ᠪᠠᠶᠢᠳᠠᠭ᠃ | ᠲᠡᠮᠦᠷ᠂ ᠴᠠᠶᠢᠷ ᠵᠢᠴᠢ ᠺᠡᠯᠽᠢ ᠶᠢᠨ ᠠᠭᠤᠯᠤᠭᠳᠠᠴᠠ ᠨᠢ ᠯᠠᠪᠯᠠᠯᠲᠠ ᠬᠡᠮᠵᠢᠶ᠎ᠡ ᠠᠴᠠ ᠦᠨᠳᠦᠷ ᠪᠠᠶᠢᠳᠠᠭ᠃ ᠲᠡᠳ᠋ ᠶᠠᠮᠠ ᠭᠦᠴᠢᠯ ᠤᠨ ᠠᠭᠤᠯᠣᠭᠳᠠᠴᠠ ᠨᠢ ᠳ᠋ᠦ᠋ | ᠪᠦᠸᠧ ᠬᠤᠨᠢᠨ ᠮᠢᠬᠠᠨ ᠤ 5 ᠳᠠᠬᠢᠨ ᠪᠠᠶᠢᠵᠤ᠂ ᠸᠢᠲ᠋ᠠᠮᠢᠨ ︵ᠸᠢᠲ᠋ᠠᠮᠢᠨ A᠂ ᠸᠢᠲ᠋ᠠᠮᠢᠨ B1᠂ ᠸᠢᠲ᠋ᠠᠮᠢᠨ B2᠂ ᠸᠢᠲ᠋ᠠᠮᠢᠨ E︶ ᠤ ᠠᠭᠤᠯᠤᠭᠳᠠᠴᠠ᠂ | ᠪᠤᠯᠴᠢᠩ ᠤᠨ ᠭᠠᠨ ᠭᠦᠴᠢᠯ ᠵᠢᠴᠢ ᠵᠡᠭᠦᠨᠰᠢ ᠡᠷᠬᠢᠯᠳᠡᠳᠦ ᠮᠢᠬᠠᠨ ᠱᠦᠯᠲᠦ ᠶᠢᠨ ᠠᠭᠤᠯᠤᠭᠳᠠᠴᠠ ᠨᠢ ᠳ᠋ᠦ᠋ ᠪᠦᠸᠧ ᠬᠤᠨᠢᠨ ᠮᠢᠬᠠᠨ ᠠᠴᠠ ᠦᠨᠳᠦᠷ ᠪᠠᠶᠢᠳᠠᠭ᠃ | | |