ᠲᠠᠷᠬᠠᠨᠯᠠᠮ᠎ᠠ ᠭᠠᠴᠠᠭ᠎ᠠ ︽ᠳᠡᠯᠡᠬᠡᠢ ᠶᠢᠨ ᠭᠡᠷ ᠪᠦᠯᠢ ᠶᠢᠨ ᠡᠳᠦᠷ︾ ᠤᠨ ᠭᠤᠤᠯ ᠰᠡᠳᠦᠪᠲᠦ ᠠᠵᠢᠯᠯᠠᠭ᠎ᠠ ᠦᠷᠨᠢᠬᠦᠯᠵᠠᠢ
ᠨᠡᠶᠢᠲᠡᠯᠡᠭᠰᠡᠨ ᠴᠠᠭ᠄
2023/5/26
      ᠤᠶᠢᠷ᠎ᠡ ᠶᠢᠨ ᠡᠳᠤᠷ᠂ ︽ᠳᠡᠯᠡᠬᠡᠢ ᠶᠢᠨ ᠭᠡᠷ ᠪᠦᠯᠢ ᠶᠢᠨ ᠡᠳᠦᠷ︾ ᠢ ᠲᠣᠬᠢᠶᠠᠯᠳᠤᠭᠤᠯᠤᠨ᠂ ᠲᠤᠭ ᠪᠠᠯᠭᠠᠰᠤᠨ ᠤ ᠳᠠᠷᠬᠠᠨᠯᠠᠮ᠎ᠠ ᠭᠠᠴᠠᠭ᠎ᠠ ᠠᠯᠲᠠᠨ ᠤᠷᠤᠭ ᠤᠨ ᠪᠠᠲᠤ ᠬᠡᠯᠬᠢᠶ᠎ᠡ᠂ ᠠᠷᠢᠭᠤᠨ ᠭᠤᠯᠤᠮᠲᠠ ᠶᠢᠨ ᠲᠠᠷᠬᠠᠨ ᠲᠦᠰᠢᠭ ᠪᠤᠯᠤᠭᠰᠠᠨ ᠭᠠᠴᠠᠭᠠᠨ ᠤ ᠪᠠᠨ 15 ᠬᠤᠣᠰ ︽ᠠᠯᠲᠠᠨ ᠤᠷᠤᠭ︾ ᠤᠨ ᠭᠡᠷ ᠪᠦᠯᠢ᠂ 22 ᠬᠤᠣᠰ ︽ᠮᠦᠩᠭᠦᠨ ᠤᠷᠤᠭ︾ ᠤᠨ ᠭᠡᠷ ᠪᠦᠯᠢ᠂ 11 ᠨᠠᠶᠠᠨ ᠨᠠᠰᠤᠨ ᠠᠴᠠ ᠳᠡᠭᠡᠭᠰᠢᠬᠢ ᠨᠠᠰᠤᠲᠠᠶᠢᠴᠤᠳ ᠢ ᠰᠠᠶᠢᠰᠢᠶᠠᠨ ᠬᠦᠬᠢᠭᠦᠯᠵᠦ᠂ ︽ᠳᠡᠯᠡᠬᠡᠢ ᠶᠢᠨ ᠭᠡᠷ ᠪᠦᠯᠢ ᠶᠢᠨ ᠡᠳᠦᠷ︾ ᠢ ᠤᠳᠭ᠎ᠠ ᠠᠭᠤᠯᠭ᠎ᠠ ᠲᠠᠢ ᠲᠡᠮᠲᠡᠭᠯᠡᠭᠰᠡᠨ ᠪᠠᠶᠢᠨ᠎ᠠ᠃      ᠲᠤᠰ ᠤᠳᠠᠭᠠᠨ ᠤ ᠠᠵᠢᠯᠯᠠᠭ᠎ᠠ ᠳᠤ᠂ ᠬᠤᠷᠢᠮ ᠤᠨ ᠰᠡᠭᠦᠳᠡᠷ ᠲᠠᠲᠠᠬᠤ᠂ ᠴᠡᠴᠡᠭ ᠬᠦᠷᠭᠡᠬᠦ᠂ ᠪᠦᠭᠡᠵᠢ ᠰᠤᠯᠢᠯᠴᠠᠬᠤ᠂ ᠦᠨᠡᠮᠯᠡᠯ ᠭᠠᠷᠳᠠᠭᠤᠯᠬᠤ ᠵᠡᠷᠭᠡ ᠠᠵᠢᠯᠯᠠᠭ᠎ᠠ ᠶᠢ ᠦᠷᠨᠢᠭᠦᠯᠵᠦ᠂ ᠰᠢᠯᠢᠳᠡᠭ ᠰᠠᠶᠢᠬᠠᠨ ᠭᠡᠷ ᠪᠦᠯᠢ ᠶᠢ ᠡᠭᠦᠳᠦᠨ ᠪᠠᠶᠢᠭᠤᠯᠤᠭᠰᠠᠨ ᠨᠠᠰᠤᠳᠠᠨ ᠪᠤᠭᠤᠷᠤᠯᠴᠤᠳ ᠤᠨ ᠵᠢᠳᠬᠦᠯ ᠴᠢᠷᠮᠠᠶᠢᠯᠭ᠎ᠠ ᠶᠢ ᠦᠨᠡᠯᠡᠵᠦ᠂ ᠠᠵᠢᠯᠴᠢ ᠪᠤᠷᠤᠭᠵᠢᠭᠤᠨ᠂ ᠡᠪ ᠨᠠᠶᠢᠷᠠᠮᠳᠠᠭᠤ᠂ ᠦᠨᠡᠨᠴᠢ ᠰᠢᠳᠤᠷᠭᠤ ᠵᠢᠱᠢᠶᠡᠴᠢ ᠬᠡᠪ ᠲᠠᠭᠤᠷᠢᠶᠠᠯ ᠢ ᠨᠡᠶᠢᠭᠡᠮ ᠨᠡᠶᠢᠲᠡ ᠳᠤ ᠰᠤᠷᠲᠠᠯᠴᠢᠯᠠᠭᠰᠠᠨ ᠪᠠᠶᠢᠨ᠎ᠠ᠃      ᠰᠠᠶᠢᠸᠠᠩᠳᠤᠷᠵᠢ ᠨᠠᠰᠤᠳᠠᠨ᠄ ︽ᠦᠨᠦᠳᠦᠷ ᠮᠠᠨ ᠤ ᠭᠠᠴᠠᠭᠠᠨ ᠳᠤ ᠲᠠᠪᠢᠨ ᠵᠢᠯ ᠤᠨ ᠠᠯᠲᠠᠨ ᠤᠷᠤᠭ ᠲᠦᠴᠢᠨ ᠵᠢᠯ ᠤᠨ ᠮᠦᠩᠭᠦᠨ ᠤᠷᠤᠭ ᠤᠨ ᠨᠠᠶᠢᠷ ᠢ ᠬᠢᠯ᠎ᠡ᠃ ᠪᠢᠳᠠ ᠪᠣᠯ ᠳᠡᠭᠡᠷ᠎ᠡ ᠵᠠᠭᠤᠨ ᠤ ᠲᠠᠯᠠᠭᠠᠳ ᠤᠨ ᠤ ᠦᠶ᠎ᠡ ᠳᠤ ᠬᠤᠷᠢᠮᠯᠠᠭᠰᠠᠨ ᠬᠦᠮᠦᠰ᠂ ᠲᠤᠬᠠᠢ ᠶᠢᠨ ᠦᠶ᠎ᠡ ᠳᠤ ᠬᠤᠷᠢᠮ ᠬᠢᠬᠦ ᠶᠢ ᠮᠡᠳᠡᠬᠦ ᠦᠭᠡᠢ᠂ ᠦᠨᠦᠳᠦᠷ ᠡᠶᠢᠮᠤ ᠰᠠᠶᠢᠬᠠᠨ ᠨᠡᠶᠢᠷ ᠬᠢᠭᠰᠡᠨ ᠳᠤ ᠦᠨᠡᠭᠡᠷ ᠰᠡᠳᠭᠢᠯ ᠲᠤᠭᠳᠤᠯᠵᠤ ᠪᠠᠶᠢᠨ᠎ᠠ︾ ᠬᠡᠯ᠎ᠠ᠃ ᠬᠠᠭᠠᠰ ᠵᠠᠭᠤᠨ ᠤ ᠬᠦᠴᠢᠷ ᠵᠤᠪᠠᠯᠠᠩ ᠪᠠᠶᠠᠷ ᠵᠢᠷᠭᠠᠯ ᠢ ᠬᠠᠮᠲᠤ ᠪᠠᠷ ᠲᠤᠭᠤᠯᠵᠤ ᠢᠷᠡᠭᠰᠡᠨ ᠨᠠᠰᠤᠲᠠᠳ ᠤᠨ ᠨᠢᠭᠤᠷ ᠳᠡᠭᠡᠷ᠎ᠡ ᠨᠢ ᠵᠣᠯ ᠵᠢᠷᠭᠠᠯ ᠤᠨ ᠢᠨᠢᠶᠡᠮᠰᠦᠭᠯᠡᠯ ᠲᠤᠳᠤᠷᠠᠵᠤ᠂ ᠤᠯᠠᠨ ᠢᠶᠠᠷ ᠢᠶᠠᠨ ᠬᠠᠯᠠᠭᠤᠨ ᠠᠯᠠᠭ᠎ᠠ ᠲᠡᠰᠢᠯᠲᠡ ᠪᠠᠷ ᠢᠶᠠᠨ ᠨᠠᠰᠤᠲᠠᠳ ᠲᠠᠭᠠᠨ ᠴᠢᠩ ᠰᠡᠳᠭᠢᠯ ᠤᠨ ᠵᠥᠩᠨᠡᠯ ᠳᠠᠪᠰᠢᠭᠦᠯᠣᠯ᠎ᠡ᠃      ᠳᠠᠷᠬᠠᠨᠯᠠᠮ᠎ᠠ ᠭᠠᠴᠠᠭᠠᠨ ᠤ ᠶᠠᠪᠤᠳᠠᠯ ᠤᠨ ᠬᠢᠨᠠᠯᠲᠠ ᠲᠠᠯᠪᠢᠬᠤ ᠵᠦᠪᠯᠡᠯ ᠤᠨ ᠡᠷᠬᠢᠯᠡᠭᠴᠢ ᠴᠢᠷᠮᠠᠶᠢᠯᠲᠤ᠄ ︽ᠦᠨᠦᠳᠦᠷ ᠤᠨ ᠠᠵᠢᠯᠯᠠᠭ᠎ᠠ ᠪᠠᠷ ᠳᠠᠮᠵᠢᠭᠠᠳ ᠮᠠᠨ ᠤ ᠠᠪᠤ ᠡᠵᠢ ᠲᠠᠪᠢᠨ ᠵᠢᠯ ᠤᠨ ᠠᠯᠲᠠᠨ ᠤᠷᠤᠭ ᠤᠨ ᠱᠠᠩᠨᠠᠯ ᠬᠦᠬᠢᠭᠦᠯᠣᠯ ᠬᠦᠷᠲᠡᠯ᠎ᠡ᠃ ᠡᠭᠦᠨ ᠳᠤ ᠬᠦᠦ ᠨᠢ ᠪᠤᠯᠤᠭᠰᠠᠨ ᠪᠢ ᠮᠠᠰᠢ ᠶᠡᠭᠡ ᠤᠮᠤᠭᠰᠢᠵᠤ ᠪᠠᠶᠢᠨ᠎ᠠ᠃ ᠬᠤᠵᠢᠮ ᠠᠪᠤ ᠡᠵᠢ ᠲᠠᠢ ᠪᠠᠨ ᠠᠳᠠᠯᠢ ᠪᠠᠷ ᠠᠵᠢᠯ ᠠᠮᠢᠳᠤᠷᠠᠯ ᠢᠶᠠᠨ ᠰᠠᠶᠢᠬᠠᠨ ᠠᠪᠴᠤ ᠶᠠᠪᠤᠬᠤ ᠪᠠᠷ ᠴᠢᠷᠮᠠᠶᠢᠨ᠎ᠠ︾ ᠬᠡᠯ᠎ᠠ᠃      ᠲᠤᠰ ᠤᠳᠠᠭᠠᠨ ᠤ ᠠᠵᠢᠯᠯᠠᠭ᠎ᠠ ᠨᠢ ᠳᠤᠮᠳᠠᠳᠤ ᠶᠢᠨ ᠦᠨᠳᠦᠰᠦᠲᠡᠨ ᠤ ᠨᠠᠰᠤᠲᠠᠳ ᠢᠶᠠᠨ ᠬᠥᠨᠳᠦᠯᠡᠨ ᠬᠠᠶᠢᠷᠠᠯᠠᠬᠤ ᠤᠯᠠᠮᠵᠢᠯᠠᠯᠲᠤ ᠵᠠᠩ ᠰᠤᠷᠲᠠᠯ ᠢ ᠪᠠᠳᠠᠷᠠᠭᠤᠯᠵᠤ᠂ ᠨᠠᠰᠤᠲᠠᠶᠢᠴᠤᠳ ᠢ ᠠᠰᠠᠷᠠᠵᠤ ᠬᠠᠷᠠᠭᠠᠯᠵᠠᠬᠤ ᠭᠦᠨ ᠵᠤᠵᠠᠭᠠᠨ ᠨᠡᠶᠢᠬᠡᠮ ᠤᠨ ᠠᠭᠤᠷ ᠠᠮᠢᠰᠬᠤᠯ ᠢ ᠪᠣᠢ ᠪᠣᠯᠭᠠᠭᠰᠠᠨ ᠪᠠᠶᠢᠨ᠎ᠠ᠃                                    ᠵᠣᠬᠢᠶᠠᠭᠴᠢ ᠄ ᠠᠯᠤᠰ 
ᠢᠷᠡᠯᠲᠡ᠄ ᠤᠷᠳᠤᠰ ᠮᠤᠩᠭᠤᠯ ᠰᠦᠯᠵᠢᠶ᠎ᠡ