ᠦᠦᠰᠢᠨ ᠵᠠᠰᠠᠭ ᠠᠯᠪᠠᠨ ᠲᠠᠷᠬᠠᠭᠠᠬᠤ〔2023〕16 ᠳ᠋ᠤᠭᠠᠷ ᠲᠣᠭᠠᠲᠤ | | ᠡᠯ᠎ᠡ ᠰᠤᠮᠤ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ᠄ | ︽ᠦᠦᠰᠢᠨ ᠬᠤᠰᠢᠭᠤᠨ ᠤ SPPA ᠲᠥᠷᠥᠯ ᠵᠦᠢᠯ ᠤᠨ ᠬᠠᠮᠢᠶᠠᠷᠤᠯᠲᠠ ᠶᠢᠨ ᠠᠷᠭ᠎ᠠ︾ ᠶᠢ ᠬᠤᠰᠢᠭᠤ | ᠠᠷᠠᠳ ᠤᠨ ᠵᠠᠰᠠᠭ ᠤᠨ ᠣᠷᠳᠣᠨ ᠤ 2023 ᠣᠨ ᠤ 4 ᠳ᠋ᠤᠭᠡᠷ ᠤᠳᠠᠭ᠎ᠠ ᠶᠢᠨ ᠪᠠᠶᠢᠩᠭᠤ ᠶᠢᠨ ᠬᠤᠷᠠᠯ ᠢᠶᠠᠷ | ᠳᠠᠮᠵᠢᠨ ᠬᠢᠨᠠᠨ ᠵᠥᠪᠯᠡᠵᠦ ᠪᠠᠲᠤᠯᠠᠭᠠᠳ᠂ ᠡᠳᠦᠭᠡ ᠲᠠᠨᠠᠷ ᠲᠤ ᠳᠠᠷᠤᠮᠠᠯᠯᠠᠨ ᠲᠠᠷᠬᠠᠭᠠᠪᠠ᠂ ᠪᠣᠳᠠᠲᠠᠢ ᠲᠠᠢ ᠪᠠᠨ | ᠤᠶᠠᠯᠳᠤᠭᠤᠯᠵᠤ ᠬᠢᠨᠠᠮᠠᠭᠠᠢ ᠰᠠᠶᠢᠲᠤᠷ ᠠᠳᠬᠤᠨ ᠲᠤᠭᠤᠰᠢᠯᠠᠭᠤᠯᠤᠨ ᠨᠠᠶᠢᠳᠠᠪᠤᠷᠢᠵᠢᠭᠤᠯᠤᠭᠠᠷᠠᠢ᠃ | | | | ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ | 2023 ᠣᠨ ᠤ 4 ᠰᠠᠷ᠎ᠠ ᠶᠢᠨ 4 ᠤ ᠡᠳᠦᠷ | | | | | | | ᠦᠦᠰᠢᠨ ᠬᠤᠰᠢᠭᠤᠨ ᠤ SPPA ᠲᠦᠷᠦᠯ ᠵᠦᠢᠯ ᠤᠨ ᠬᠠᠮᠢᠶᠠᠷᠤᠯᠲᠠ ᠶᠢᠨ ᠠᠷᠭ᠎ᠠ | | | SPPA ᠲᠥᠷᠥᠯ ᠵᠦᠢᠯ ᠢ ᠮᠠᠨ ᠤ ᠬᠤᠰᠢᠭᠤᠨ ᠳᠤ ᠤᠯᠠᠮ ᠨᠢᠭᠡ ᠠᠯᠬᠤᠮ ᠭᠦᠨᠵᠡᠭᠡᠢ ᠬᠥᠭᠵᠢᠭᠦᠯᠵᠤ | ᠬᠥᠳᠡᠭᠡ ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠶᠡᠭᠡ ᠠᠬᠤᠢ ᠪᠠᠶᠢᠳᠠᠯ ᠣᠷᠴᠢᠨ | ᠲᠣᠭᠤᠷᠢᠨ ᠳᠤ ᠠᠭᠤᠰᠤᠯᠴᠠᠭᠤᠯᠤᠨ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠲᠤᠯᠤᠭᠰᠠᠨ ᠦᠷ᠎ᠡ | ᠪᠦᠲᠦᠭᠡᠯ ᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠢ ᠵᠣᠯᠭᠠᠭᠤᠯᠬᠤ ᠶᠢ | ᠠᠬᠢᠭᠤᠯᠵᠤ ᠲᠥᠷᠥᠯ ᠵᠦᠢᠯ ᠤᠨ ᠡᠮᠡᠭᠲᠡᠶᠢᠴᠦᠳ ᠤᠨ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ | ᠪᠡᠶᠡᠯᠡᠭᠦᠯᠬᠦ ᠶᠢᠨ ᠲᠥᠯᠥᠭᠡ᠂ SPPA ᠲᠥᠷᠥᠯ ᠵᠦᠢᠯ ᠤᠨ ︽ᠬᠠᠮᠢᠶᠠᠷᠤᠯᠲᠠ ᠶᠢᠨ ᠮᠡᠳᠡᠭᠡ ᠵᠠᠩᠭᠢ ᠶᠢᠨ | ᠰᠢᠰᠲ᠋ᠧᠮ ᠤᠨ ᠭᠠᠷ ᠳᠡᠪᠲᠡᠷ︾ ᠪᠠ ︽2003 ᠣᠨ ᠠᠴᠠ ᠰᠡᠭᠦᠯᠡᠷᠬᠢ ᠶᠠᠳᠠᠭᠤ ᠬᠦᠴᠢᠷᠳᠡᠯᠲᠡᠢ ᠭᠠᠵᠠᠷ | ᠣᠷᠣᠨ ᠤ ᠨᠡᠶᠢᠭᠡᠮ ᠤᠨ ᠬᠥᠭᠵᠢᠯᠲᠡ ᠶᠢᠨ ᠲᠥᠷᠥᠯ ᠵᠦᠢᠯ ᠤᠨ ᠦᠷᠭᠦᠯᠵᠢᠯᠡᠬᠦᠶᠢᠴᠡ ᠬᠥᠭᠵᠢᠯᠲᠡ ᠶᠢᠨ | ᠣᠶᠢᠯᠠᠭᠠᠯᠴᠠᠭ᠎ᠠ ᠶᠢᠨ ᠰᠠᠨᠠᠭᠤᠯᠤᠮᠵᠢ︾ ᠶᠢ ᠦᠨᠳᠦᠰᠦᠯᠡᠨ ᠲᠣᠰ ᠠᠷᠭ᠎ᠠ ᠶᠢ ᠣᠨᠴᠠᠭᠠᠶᠢᠯᠠᠨ ᠲᠣᠭᠲᠠᠭᠠᠪᠠ᠃ | ᠨᠢᠭᠡ᠂ SPPA ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ | ᠮᠥᠩᠭᠦ ᠶᠢᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ | 2021 ᠣᠨ ᠳᠤ᠂ ︽ᠦᠦᠰᠢᠨ ᠬᠤᠰᠢᠭᠤᠨ ᠤ ᠠᠵᠢᠯ ᠦᠢᠯᠡᠰ ᠤᠨ ᠨᠢᠭᠡᠴᠢ ᠶᠢᠨ ᠥᠭᠡᠷᠡᠴᠢᠯᠡᠯᠲᠡ ᠶᠢ | ᠭᠦᠨᠵᠡᠭᠡᠶᠢᠷᠡᠭᠦᠯᠬᠦ ᠲᠤᠷᠰᠢᠯᠲᠠ ᠶᠢᠨ ᠬᠡᠷᠡᠭᠵᠢᠭᠦᠯᠬᠦ ᠲᠥᠰᠥᠯ︾ ᠤᠨ ᠵᠣᠷᠢᠭ ᠰᠠᠨᠠᠭ᠎ᠠ ᠶᠢ ᠦᠨᠳᠦᠰᠦᠯᠡᠨ᠂ ᠦᠦᠰᠢᠨ | ᠬᠤᠰᠢᠭᠤᠨ ᠤ SPPA ᠲᠥᠷᠥᠯ ᠵᠦᠢᠯ ᠤᠨ ᠠᠯᠪᠠᠨ ᠭᠡᠷ ᠤᠨ ᠬᠠᠮᠢᠶ᠎ᠠ ᠪᠦᠬᠦᠢ ᠡᠭᠦᠷᠭᠡ ᠴᠢᠳᠠᠪᠤᠷᠢ ᠪᠠ | ᠠᠵᠢᠯᠲᠠᠨ ᠤ ᠣᠷᠣᠨ ᠲᠤᠭ᠎ᠠ ᠶᠢ ᠡᠮᠬᠢᠯᠡᠨ ᠨᠡᠶᠢᠯᠡᠭᠦᠯᠵᠦ᠂ ᠬᠤᠰᠢᠭᠤ ᠡᠮᠡᠭᠲᠡᠶᠢᠴᠦᠳ ᠤᠨ ᠬᠤᠯᠪᠣᠭᠠᠲᠤ ᠬᠤᠷᠠᠯ ᠤᠨ | ᠳᠠᠰᠤᠭ ᠤᠨ ᠲᠠᠰ ᠤᠨ ᠨᠢᠭᠡᠳᠦᠭᠡᠷ ᠲᠥᠷᠥᠯ ᠤᠨ ᠨᠡᠶᠢᠲᠡ ᠶᠢᠨ ᠠᠰᠠᠷᠠᠮᠵᠢ ᠶᠢᠨ ᠠᠵᠢᠯ ᠦᠢᠯᠡᠰ ᠤᠨ ᠨᠢᠭᠡᠴᠢ ᠪᠤᠯᠬᠤ | ᠦᠦᠰᠢᠨ ᠬᠤᠰᠢᠭᠤᠨ ᠤ ᠡᠮᠡᠭᠲᠡᠶᠢᠴᠦᠳ ᠬᠡᠦᠬᠡᠳ ᠤᠨ ᠦᠢᠯᠡᠴᠢᠯᠡᠭᠡᠨ ᠤ ᠲᠥᠪ ᠢ ᠪᠠᠶᠢᠭᠤᠯᠵᠤ᠂ SPPA | ᠲᠥᠷᠥᠯ ᠵᠦᠢᠯ ᠤᠨ ᠬᠡᠷᠡᠭᠵᠢᠭᠦᠯᠦᠯᠲᠡ ᠶᠢ ᠬᠠᠷᠢᠭᠤᠴᠠᠨ ᠬᠠᠮᠢᠶᠠᠷᠴᠤ᠂ SPPA ᠲᠥᠷᠥᠯ ᠵᠦᠢᠯ ᠤᠨ ᠠᠵᠢᠯ | ᠶᠠᠪᠤᠳᠠᠯ᠂ ᠡᠳ᠋ ᠤᠨ ᠶᠠᠪᠤᠳᠠᠯ᠂ ᠲᠥᠷᠥᠯ ᠵᠦᠢᠯ ᠤᠨ ᠡᠮᠡᠭᠲᠡᠶᠢᠴᠦᠳ ᠤᠨ ᠪᠣᠯᠪᠠᠰᠤᠷᠠᠯ ᠪᠠ ᠡᠳᠦᠷ ᠲᠤᠲᠤᠮ ᠤᠨ | ᠠᠵᠢᠯ ᠢ ᠪᠣᠳᠠᠲᠠᠢ ᠬᠠᠷᠢᠭᠤᠴᠠᠨ ᠰᠢᠢᠳᠪᠦᠷᠢᠯᠡᠵᠦ᠂ ᠡᠯ᠎ᠡ ᠰᠤᠮᠤ ᠪᠠᠯᠭᠠᠰᠤᠨ ᠤ SPPA ᠲᠥᠷᠥᠯ ᠵᠦᠢᠯ ᠤᠨ | ᠬᠡᠷᠡᠭᠵᠢᠭᠦᠯᠦᠯᠲᠡ᠂ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠶᠢ ᠵᠢᠯᠣᠭᠤᠳᠤᠨ ᠱᠠᠭᠠᠷᠳᠠᠬᠤ ᠪᠠ ᠪᠠᠶᠢᠴᠠᠭᠠᠨ᠎ᠠ᠃ | | ᠬᠤᠶᠠᠷ᠂ ᠠᠵᠢᠯ ᠤᠨ ᠡᠭᠦᠷᠭᠡ ᠬᠠᠷᠢᠭᠤᠴᠠᠯᠭ᠎ᠠ | ⒈ᠬᠤᠰᠢᠭᠤᠨ ᠤ ᠳᠡᠰ | ᠲᠦᠷᠦᠯ ᠵᠦᠢᠯ ᠤᠨ ᠬᠡᠷᠡᠭᠵᠢᠭᠦᠯᠦᠯᠲᠡ ᠳᠤ ᠵᠣᠬᠢᠰᠲᠠᠢ ᠠᠵᠢᠯᠯᠠᠬᠤ ᠲᠠᠯᠠᠪᠤᠷ ᠭᠠᠵᠠᠷ ᠪᠠ ᠡᠳ᠋ ᠤᠨ | ᠵᠠᠰᠠᠭ ᠤᠨ ᠲᠥᠰᠥᠪ ᠤᠨ ᠪᠡᠯᠡ ᠮᠥᠩᠭᠦ ᠶᠢ ᠬᠠᠩᠭᠠᠨ᠎ᠠ᠂ ᠡᠭᠦᠨ ᠳᠤ ᠲᠦᠷᠦᠯ ᠵᠦᠢᠯ ᠤᠨ ᠠᠵᠢᠯᠲᠠᠨ ᠤ | ᠪᠣᠯᠪᠠᠰᠤᠷᠠᠯ ᠵᠢᠴᠢ ᠡᠳᠦᠷ ᠲᠤᠲᠤᠮ ᠤᠨ ᠠᠯᠪᠠᠨ ᠠᠵᠢᠯ ᠵᠡᠷᠭᠡ ᠳᠤ ᠬᠡᠷᠡᠭᠰᠡᠬᠦ ᠵᠠᠷᠤᠳᠠᠯ ᠪᠠᠭᠲᠠᠨ᠎ᠠ︔ ᠪᠠᠭ᠎ᠠ | ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ ᠬᠠᠮᠢᠶᠠᠷᠴᠤ᠂ ᠪᠡᠯᠡ ᠮᠥᠩᠭᠦ ᠶᠢ ᠲᠣᠭᠲᠠᠭᠠᠭᠰᠠᠨ | ᠲᠦᠷᠦ ᠶᠢᠨ ᠪᠣᠳᠣᠯᠭ᠎ᠠ᠂ ᠵᠢᠷᠤᠮ ᠤᠨ ᠶᠣᠰᠣᠭᠠᠷ ᠠᠵᠢᠯᠯᠠᠭᠤᠯᠬᠤ ᠶᠢ ᠪᠠᠲᠤᠯᠠᠵᠤ᠂ ᠪᠡᠯᠡ ᠮᠥᠩᠭᠦ ᠶᠢᠨ ᠪᠦᠷᠢᠨ | ᠪᠦᠲᠦᠨ ᠪᠠ ᠦᠷᠳᠡᠭ ᠤᠨ ᠨᠡᠮᠡᠭᠳᠡᠯ ᠢ ᠦᠨᠡᠨ ᠬᠦ ᠪᠠᠲᠤᠯᠠᠨ᠎ᠠ︔ ᠡᠳ᠋ ᠤᠨ ᠶᠠᠪᠤᠳᠠᠯ ᠤᠨ ᠬᠠᠮᠢᠶᠠᠷᠤᠯᠲᠠ ᠶᠢᠨ | ᠳᠦᠷᠢᠮ᠂ ᠠᠵᠢᠯ ᠤᠨ ᠪᠠᠶᠢᠷᠢ ᠶᠢᠨ ᠲᠤᠰᠢᠶᠠᠯ ᠬᠠᠷᠢᠭᠤᠴᠠᠯᠭ᠎ᠠ᠂ ᠬᠢᠨᠠᠨ ᠪᠠᠶᠢᠴᠠᠭᠠᠵᠤ ᠬᠢᠨᠠᠨ ᠰᠢᠯᠭᠠᠬᠤ ᠠᠷᠭ᠎ᠠ | ᠵᠡᠷᠭᠡ ᠡᠯ᠎ᠡ ᠵᠦᠢᠯ ᠤᠨ ᠳᠦᠷᠢᠮ ᠲᠣᠭᠲᠠᠭᠠᠯ ᠢ ᠪᠠᠶᠢᠭᠤᠯᠤᠨ ᠲᠡᠭᠦᠯᠳᠡᠷᠵᠢᠭᠦᠯᠦᠨ᠎ᠡ︔ ᠨᠡᠮᠡᠭᠳᠡᠭᠦᠯᠬᠦ ᠪᠠ | ᠦᠷᠭᠦᠯᠵᠢᠯᠡᠬᠦ ᠴᠢᠨᠠᠷ ᠤᠨ ᠵᠠᠷᠴᠢᠮ ᠢᠶᠠᠷ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠬᠠᠮᠢᠶᠠᠷᠤᠯᠲᠠ ᠶᠢᠨ ᠠᠵᠢᠯ ᠤᠨ ᠣᠨ ᠤ ᠲᠥᠯᠥᠪᠯᠡᠭᠡ ᠶᠢ ᠲᠣᠭᠲᠠᠭᠠᠵᠤ ᠬᠡᠷᠡᠭᠵᠢᠭᠦᠯᠦᠨ᠎ᠡ︔ ᠲᠥᠷᠥᠯ ᠵᠦᠢᠯ ᠲᠠᠢ | ᠬᠤᠯᠪᠣᠭᠳᠠᠬᠤ ᠪᠣᠶ ᠪᠦᠬᠦᠢ ᠠᠵᠢᠯᠯᠠᠭ᠎ᠠ ᠳᠤ ᠴᠢᠭᠯᠡᠭᠦᠯᠦᠨ ᠦᠢᠯᠡᠴᠢᠯᠡᠭᠡᠨ ᠤ ᠲᠦᠪ ᠤᠨ ᠠᠵᠢᠯᠲᠠᠨ ᠪᠠ ᠲᠥᠷᠥᠯ | ᠵᠦᠢᠯ ᠤᠨ ᠲᠤᠬᠠᠶᠢᠯᠠᠭᠰᠠᠨ ᠠᠵᠢᠯ ᠤᠨ ᠠᠵᠢᠯᠲᠠᠨ ᠳᠤ ᠪᠣᠯᠪᠠᠰᠤᠷᠠᠯ ᠬᠦᠷᠲᠡᠭᠡᠵᠤ᠂ ᠳᠡᠮᠵᠢᠯᠭᠡ ᠬᠠᠩᠭᠠᠬᠤ ᠶᠢᠨ | ᠬᠠᠮᠲᠤ ᠬᠢᠨᠠᠯᠲᠠ ᠲᠠᠯᠪᠢᠨ᠎ᠠ︔ ᠡᠮᠡᠭᠲᠡᠶᠢᠴᠦᠳ ᠤᠨ ᠳᠤᠭᠤᠶᠢᠯᠠᠩ ᠤᠨ ᠭᠡᠰᠢᠭᠦᠳ ᠤᠨ ᠠᠵᠤ ᠠᠬᠤᠢ ᠨᠡᠶᠢᠭᠡᠮ ᠤᠨ | ᠬᠥᠭᠵᠢᠯᠲᠡ ᠶᠢᠨ ᠬᠦᠷᠢᠶᠡᠨ ᠳᠠᠬᠢ ᠡᠯ᠎ᠡ ᠵᠦᠢᠯ ᠤᠨ ᠬᠡᠷᠡᠭᠴᠡᠭᠡ ᠶᠢ ᠣᠶᠢᠯᠠᠭᠠᠬᠤ ᠶᠢ ᠬᠠᠷᠢᠭᠤᠴᠠᠵᠤ ᠬᠤᠯᠪᠣᠭᠳᠠᠯ | ᠪᠦᠬᠦᠢ ᠰᠠᠯᠠᠭ᠎ᠠ ᠮᠥᠴᠢᠷ ᠢ ᠪᠣᠳᠠᠲᠠᠢ ᠪᠠᠷ ᠵᠣᠬᠢᠶᠠᠨ ᠪᠠᠶᠢᠭᠤᠯᠤᠨ ᠵᠣᠬᠢᠴᠠᠭᠤᠯᠵᠤ ᠪᠠᠶᠢᠭᠠᠳ ᠵᠣᠬᠢᠴᠠᠩᠭᠤᠢ | ᠦᠢᠯᠡᠴᠢᠯᠡᠭᠡ ᠬᠠᠩᠭᠠᠨ᠎ᠠ︔ ᠲᠥᠷᠥᠯ ᠵᠦᠢᠯ ᠢ ᠬᠡᠷᠡᠭᠵᠢᠭᠦᠯᠬᠦ ᠶᠠᠪᠤᠴᠠ ᠳᠠᠬᠢ ᠲᠤᠷᠰᠢᠯᠭ᠎ᠠ ᠰᠤᠷᠭᠠᠮᠵᠢ ᠶᠢ | ᠳ᠋ᠦᠩᠨᠡᠬᠦ ᠶᠢᠨ ᠬᠠᠮᠲᠤ ᠤᠬᠠᠭᠤᠯᠵᠤ ᠲᠥᠷᠥᠯ ᠵᠦᠢᠯ ᠤᠨ ᠠᠵᠢᠯᠯᠠᠭ᠎ᠠ ᠶᠢ ᠲᠥᠷᠥᠯ ᠵᠦᠢᠯ ᠤᠨ ᠬᠤᠰᠢᠭᠤᠨ ᠠᠴᠠ | ᠪᠤᠰᠤᠳ ᠭᠠᠵᠠᠷ ᠣᠷᠣᠨ ᠳᠤ ᠥᠷᠨᠢᠭᠦᠯᠬᠦ ᠶᠢ ᠲᠦᠷᠭᠡᠳᠬᠡᠨ᠎ᠡ︔ ᠡᠮᠡᠭᠲᠡᠶᠢᠴᠦᠳ ᠤᠨ ᠳᠤᠭᠤᠶᠢᠯᠠᠩ ᠤᠨ | ᠭᠡᠰᠢᠭᠦᠳ ᠤᠨ ᠵᠢᠭᠡᠯᠡᠯᠭᠡ ᠶᠢᠨ ᠲᠥᠯᠥᠪᠯᠡᠭᠡ ᠶᠢ ᠬᠢᠨᠠᠨ ᠵᠥᠪᠰᠢᠶᠡᠷᠡᠬᠦ ᠪᠠ ᠵᠢᠭᠡᠯᠡᠯᠭᠡ ᠲᠠᠯᠪᠢᠬᠤ᠂ ᠡᠭᠡᠭᠦᠯᠦᠨ | ᠬᠤᠷᠢᠶᠠᠬᠤ ᠠᠵᠢᠯ ᠢ ᠰᠠᠶᠢᠲᠤᠷ ᠬᠢᠨ᠎ᠡ᠃ | ⒉ ᠰᠤᠮᠤ ᠪᠠᠯᠭᠠᠰᠤᠨ ᠤ ᠲᠠᠰ | ᠰᠤᠮᠤ ᠪᠠᠯᠭᠠᠰᠤᠨ ᠤ ᠲᠥᠷᠥᠯ ᠵᠦᠢᠯ ᠤᠨ ᠠᠯᠪᠠᠨ ᠭᠡᠷ ᠪᠣᠯ ᠲᠥᠷᠥᠯ ᠵᠦᠢᠯ ᠤᠨ ᠬᠠᠮᠢᠶᠠᠷᠤᠯᠲᠠ ᠶᠢᠨ | ᠦᠨᠳᠦᠰᠦᠨ ᠱᠠᠲᠤᠨ ᠤ ᠨᠢᠭᠡᠴᠢ ᠪᠣᠯᠣᠨ᠎ᠠ᠃ ᠰᠤᠮᠤ ᠪᠠᠯᠭᠠᠰᠤᠨ ᠤ ᠵᠠᠰᠠᠭ ᠤᠨ ᠣᠷᠳᠣᠨ ᠠᠴᠠ ᠵᠣᠬᠢᠰᠲᠠᠢ | ᠠᠵᠢᠯᠯᠠᠬᠤ ᠲᠠᠯᠠᠪᠤᠷ ᠭᠠᠵᠠᠷ ᠵᠢᠴᠢ ᠵᠠᠷᠤᠳᠠᠯ ᠤᠨ ᠲᠥᠰᠥᠪ ᠬᠠᠩᠭᠠᠵᠤ᠂ ᠰᠤᠮᠤ ᠪᠠᠯᠭᠠᠰᠤᠨ ᠤ ᠲᠥᠷᠥᠯ ᠵᠦᠢᠯ ᠤᠨ | ᠠᠵᠢᠯᠲᠠᠨ ᠨᠢ ᠬᠤᠰᠢᠭᠤ ᠡᠮᠡᠭᠲᠡᠶᠢᠴᠦᠳ ᠬᠡᠦᠬᠡᠳ ᠤᠨ ᠦᠢᠯᠡᠴᠢᠯᠡᠭᠡᠨ ᠤ ᠲᠥᠪ ᠠᠴᠠ ᠵᠥᠪᠰᠢᠶᠡᠷᠡᠭᠰᠡᠨ᠂ | ᠵᠢᠭᠡᠯᠡᠯᠭᠡ ᠶᠢᠨ ᠠᠵᠢᠯᠯᠠᠭ᠎ᠠ ᠵᠢᠴᠢ ᠨᠡᠶᠢᠭᠡᠮ ᠤᠨ ᠬᠥᠭᠵᠢᠯᠲᠡ ᠶᠢᠨ ᠠᠵᠢᠯᠯᠠᠭ᠎ᠠ ᠶᠢ ᠪᠠᠭᠲᠠᠭᠠᠭᠰᠠᠨ ᠣᠨ ᠤ | ᠠᠵᠢᠯ ᠤᠨ ᠲᠥᠯᠥᠪᠯᠡᠭᠡ ᠶᠢ ᠲᠣᠭᠲᠠᠭᠠᠨ ᠬᠡᠷᠡᠭᠵᠢᠭᠦᠯᠬᠦ ᠶᠢ ᠬᠠᠷᠢᠭᠤᠴᠠᠨ᠎ᠠ᠃ ᠵᠢᠯ ᠪᠦᠷᠢ ᠬᠤᠰᠢᠭᠤ ᠡᠮᠡᠭᠲᠡᠶᠢᠴᠦᠳ | ᠬᠡᠦᠬᠡᠳ ᠤᠨ ᠦᠢᠯᠡᠴᠢᠯᠡᠭᠡᠨ ᠤ ᠲᠥᠪ ᠲᠤ ᠲᠥᠷᠥᠯ ᠵᠦᠢᠯ ᠤᠨ ᠠᠵᠢᠯ ᠤᠨ ᠲᠥᠯᠥᠪᠯᠡᠭᠡ᠂ ᠳ᠋ᠦᠩᠨᠡᠯᠲᠡ ᠪᠠ | ᠠᠵᠢᠯ ᠤᠨ ᠮᠡᠳᠡᠭᠡ ᠵᠠᠩᠭᠢ᠂ ᠡᠳ᠋ ᠤᠨ ᠶᠠᠪᠤᠳᠠᠯ ᠤᠨ ᠮᠡᠳᠡᠭᠦᠯᠦᠯᠲᠡ ᠶᠢᠨ ᠬᠦᠰᠦᠨᠦᠭᠲᠦ ᠪᠠᠨ ᠲᠤᠰᠢᠶᠠᠨ᠎ᠠ᠃ | ᠲᠥᠷᠥᠯ ᠵᠦᠢᠯ ᠤᠨ ᠡᠮᠡᠭᠲᠡᠶᠢᠴᠦᠳ ᠲᠤ ᠪᠤᠯᠪᠠᠰᠤᠷᠠᠯ ᠬᠦᠷᠲᠡᠭᠡᠬᠦ ᠪᠠ ᠡᠯ᠎ᠡ ᠲᠦᠷᠦᠯ ᠤᠨ ᠠᠵᠢᠯᠯᠠᠭ᠎ᠠ ᠦᠷᠨᠢᠬᠦᠯᠬᠦ | ᠳᠤ ᠬᠠᠪᠰᠤᠷᠤᠯᠭ᠎ᠠ ᠦᠵᠡᠬᠦᠯᠦᠨ᠎ᠡ᠃ | ⒊ᠭᠠᠴᠠᠭ᠎ᠠ ᠲᠣᠰᠬᠤᠨ ᠤ ᠲᠠᠰ | SPPA ᠲᠦᠷᠦᠯ ᠵᠦᠢᠯ ᠨᠢ ᠡᠮᠡᠭᠲᠡᠶᠢᠴᠦᠳ ᠢ ᠵᠣᠬᠢᠶᠠᠨ ᠪᠠᠶᠢᠭᠤᠯᠵᠤ ᠶᠡᠭᠡ ᠳᠤᠭᠤᠶᠢᠯᠠᠩ ᠪᠠᠭ᠎ᠠ | ᠳᠤᠭᠤᠶᠢᠯᠠᠩ ᠪᠠᠶᠢᠭᠤᠯᠬᠤ ᠬᠡᠯᠪᠡᠷᠢ ᠪᠠᠷ ᠲᠤᠰ ᠲᠦᠷᠦᠯ ᠵᠦᠢᠯ ᠳᠤ ᠣᠷᠣᠯᠴᠠᠭᠤᠯᠵᠤ ᠪᠣᠯᠪᠠᠰᠤᠷᠠᠯ᠂ ᠰᠤᠷᠤᠯᠴᠠᠯᠭ᠎ᠠ᠂ | ᠵᠣᠷᠢᠭᠵᠢᠭᠤᠯᠤᠯ᠂ ᠬᠠᠷᠢᠯᠴᠠᠨ ᠬᠠᠪᠰᠤᠷᠤᠯᠴᠠᠬᠤ ᠳᠤ ᠤᠷᠤᠯᠴᠠᠭᠤᠯᠤᠨ ᠡᠮᠡᠭᠲᠡᠶᠢᠴᠦᠳ ᠤᠨ ᠨᠡᠶᠢᠭᠡᠮ ᠤᠨ ᠪᠠᠶᠢᠷᠢ | ᠰᠠᠭᠤᠷᠢ ᠶᠢ ᠳᠡᠭᠡᠭᠰᠢᠯᠡᠭᠦᠯᠵᠦ ᠭᠡᠷ ᠪᠦᠯᠢ ᠶᠢᠨ ᠣᠷᠴᠢᠨ ᠨᠦᠬᠦᠴᠡᠯ ᠢ ᠰᠠᠶᠢᠵᠢᠷᠠᠭᠤᠯᠤᠨ᠎ᠠ᠃ | ᠲᠥᠷᠥᠯ ᠵᠦᠢᠯ ᠢ ᠭᠤᠶᠤᠴᠢᠯᠠᠭᠰᠠᠳ ᠨᠢ ︽ᠡᠮᠡᠭᠲᠡᠶᠢᠴᠦᠳ ᠤᠨ ᠪᠠᠭ᠎ᠠ ᠳᠤᠭᠤᠶᠢᠯᠠᠩ ᠤᠨ ᠪᠦᠷᠢᠯᠳᠦᠭᠦᠨ ᠤ | ᠦᠨᠳᠦᠰᠦᠨ ᠪᠠᠶᠢᠳᠠᠯ ᠤᠨ ᠪᠠᠶᠢᠴᠠᠭᠠᠯᠲᠠ ᠶᠢᠨ ᠬᠦᠰᠦᠨᠦᠭᠲᠦ︾ ᠶᠢ ᠲᠠᠭᠯᠠᠵᠤ᠂ ᠠᠳᠠᠯᠢ ᠨᠢᠭᠡ ᠭᠠᠴᠠᠭ᠎ᠠ | ᠲᠣᠰᠬᠤᠨ ᠤ 5 ᠠᠴᠠ 6 ᠬᠥᠮᠥᠨ ᠢᠶᠠᠷ ᠪᠠᠭ᠎ᠠ ᠳᠤᠭᠤᠶᠢᠯᠠᠩ ᠢ ᠪᠦᠷᠢᠯᠳᠦᠭᠦᠯᠵᠦ᠂ 4 ᠠᠴᠠ 8 ᠪᠠᠭ᠎ᠠ | ᠳᠤᠭᠤᠶᠢᠯᠠᠩ ᠪᠤᠯᠬᠤ ᠪᠦᠷᠢ ᠨᠢᠭᠡ ᠶᠡᠭᠡ ᠳᠤᠭᠤᠶᠢᠯᠠᠩ ᠢ ᠪᠦᠷᠢᠯᠳᠦᠭᠦᠯᠦᠨ᠎ᠡ᠃ ᠶᠡᠭᠡ ᠳᠤᠭᠤᠶᠢᠯᠠᠩ ᠨᠢ ᠲᠣᠭᠲᠠᠮᠠᠯ | ᠬᠤᠭᠤᠴᠠᠭ᠎ᠠ ᠲᠠᠢ ᠪᠠᠷ ᠬᠤᠷᠠᠯ ᠬᠤᠷᠠᠯᠳᠤᠭᠤᠯᠵᠤ ᠲᠥᠷᠥᠯ ᠵᠦᠢᠯ ᠤᠨ ᠳᠤᠭᠤᠶᠢᠯᠠᠩ ᠤᠨ ᠭᠡᠰᠢᠭᠦᠳ ᠲᠤ | ᠪᠤᠯᠪᠠᠰᠤᠷᠠᠯ ᠬᠦᠷᠲᠡᠭᠡᠬᠦ᠂ ᠬᠠᠷᠢᠯᠴᠠᠨ ᠬᠠᠪᠰᠤᠷᠤᠯᠴᠠᠬᠤ ᠵᠡᠷᠭᠡ ᠤᠴᠢᠷ ᠶᠠᠪᠤᠳᠠᠯ ᠢ ᠥᠷᠨᠢᠭᠦᠯᠤᠨ᠎ᠡ᠃ ᠶᠡᠭᠡ | ᠳᠤᠭᠤᠶᠢᠯᠠᠩ ᠠᠴᠠ ᠶᠡᠭᠡ ᠳᠤᠭᠤᠶᠢᠯᠠᠩ ᠤᠨ ᠳᠠᠷᠤᠭ᠎ᠠ᠂ ᠪᠢᠴᠢᠭᠡᠴᠢ ᠶᠢ ᠰᠣᠩᠭᠤᠵᠤ ᠪᠢᠴᠢᠭᠡᠴᠢ ᠨᠢ ᠡᠳ᠋ ᠤᠨ | ᠶᠠᠪᠤᠳᠠᠯ ᠤᠨ ᠠᠵᠢᠯ ᠢ ᠬᠠᠪᠰᠤᠷᠭᠠᠨ ᠬᠠᠷᠢᠭᠤᠴᠠᠨ᠎ᠠ᠃ ᠶᠡᠭᠡ ᠳᠤᠭᠤᠶᠢᠯᠠᠩ ᠤᠨ ᠳᠠᠷᠤᠭ᠎ᠠ ᠨᠢ ᠳᠤᠭᠤᠶᠢᠯᠠᠩ ᠤᠨ | ᠳᠣᠲᠣᠷᠠᠬᠢ ᠡᠳᠦᠷ ᠲᠤᠳᠤᠮ ᠤᠨ ᠬᠠᠮᠢᠶᠠᠷᠤᠯᠲᠠ ᠶᠢ ᠬᠠᠷᠢᠭᠤᠴᠠᠵᠤ ᠬᠤᠷᠠᠯ ᠢ ᠵᠣᠬᠢᠶᠠᠨ ᠪᠠᠶᠢᠭᠤᠯᠵᠤ ᠵᠢᠭᠡᠯᠡᠯᠭᠡ ᠶᠢᠨ | ᠪᠣᠯᠣᠮᠵᠢᠲᠤ ᠴᠢᠨᠠᠷ ᠢ ᠦᠨᠡᠯᠡᠨ ᠵᠢᠱᠢᠬᠦ ᠶᠢ ᠬᠥᠲᠥᠯᠥᠨ ᠵᠢᠯᠤᠭᠤᠳᠬᠤ ᠶᠢᠨ ᠬᠠᠮᠲᠤ ᠪᠠᠭ᠎ᠠ ᠳᠤᠭᠤᠶᠢᠯᠠᠩ ᠤᠨ | ᠳᠠᠷᠤᠭ᠎ᠠ ᠲᠠᠢ ᠨᠢᠭᠲᠠ ᠬᠠᠷᠢᠯᠴᠠᠵᠤ ᠲᠡᠳᠡᠨ ᠢ ᠬᠠᠪᠰᠤᠷᠤᠨ ᠠᠰᠠᠭᠤᠳᠠᠯ ᠢ ᠨᠢ ᠰᠢᠢᠳᠪᠦᠷᠢᠯᠡᠵᠦ ᠥᠭᠭᠦᠨ᠎ᠡ︔ | ᠡᠳ᠋ ᠤᠨ ᠶᠠᠪᠤᠳᠠᠯ ᠢ ᠬᠠᠪᠰᠤᠷᠭᠠᠨ ᠬᠠᠷᠢᠭᠤᠴᠠᠬᠤ ᠪᠢᠴᠢᠭᠡᠴᠢ ᠳᠤᠭᠤᠶᠢᠯᠠᠩ ᠤᠨ ᠳᠣᠲᠣᠷᠠᠬᠢ ᠲᠠᠩᠰᠠ ᠡᠪᠬᠡᠮᠡᠯ ᠤᠨ | ᠮᠠᠲ᠋ᠧᠷᠢᠶᠠᠯ ᠤᠨ ᠬᠠᠮᠢᠶᠠᠷᠤᠯᠲᠠ᠂ ᠪᠡᠯᠡ ᠮᠥᠩᠭᠦ ᠶᠢᠨ ᠬᠠᠮᠢᠶᠠᠷᠤᠯᠲᠠ ︵ᠲᠠᠩᠰᠠ ᠲᠡᠮᠳᠡᠭᠯᠡᠬᠦ᠂ ᠡᠳ᠋ ᠤᠨ | ᠶᠠᠪᠤᠳᠠᠯ ᠤᠨ ᠮᠡᠳᠡᠭᠦᠯᠦᠯᠲᠡ ᠶᠢᠨ ᠬᠦᠰᠦᠨᠦᠭᠲᠦ ᠶᠢ ᠬᠠᠷᠢᠭᠤᠴᠠᠬᠤ ᠶᠢᠨ ᠬᠠᠮᠲᠤ ᠶᠡᠭᠡ ᠳᠤᠭᠤᠶᠢᠯᠠᠩ ᠤᠨ ᠲᠣᠭᠲᠠᠮᠠᠯ | ᠬᠤᠷᠠᠯ ᠳᠡᠭᠡᠷ᠎ᠡ ᠳᠤᠭᠤᠶᠢᠯᠠᠩ ᠤᠨ ᠭᠡᠰᠢᠭᠦᠨ ᠤ ᠲᠥᠷᠥᠯ ᠵᠦᠢᠯ ᠤᠨ ᠵᠤᠭᠤᠰ ᠢ ᠡᠬᠡᠬᠦᠯᠦᠨ ᠬᠤᠷᠢᠶᠠᠬᠤ ᠶᠢ | ᠬᠠᠷᠢᠭᠤᠴᠠᠨ᠎ᠠ︶ ᠶᠢ ᠬᠠᠷᠢᠭᠤᠴᠠᠨ᠎ᠠ᠃ | ᠭᠤᠷᠪᠠ᠂ SPPA ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ | ᠮᠥᠩᠭᠦ ᠶᠢᠨ ᠬᠠᠮᠢᠶᠠᠷᠤᠯᠲᠠ ᠶᠢᠨ ᠱᠠᠭᠠᠷᠳᠠᠯᠭ᠎ᠠ | ︵ᠨᠢᠭᠡ︶ ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠵᠢᠭᠡᠯᠡᠯᠭᠡ ᠣᠯᠬᠤ ᠨᠥᠬᠦᠴᠡᠯ | ⒈ᠪᠦᠬᠦᠯᠢ 18 ᠨᠠᠰᠤ ᠬᠦᠷᠦᠭᠰᠡᠨ᠂ ᠪᠦᠬᠦᠯᠢ 55 ᠨᠠᠰᠤᠨ ᠠᠴᠠ ᠳᠣᠷᠣᠭᠰᠢᠬᠢ᠂ ᠢᠷᠭᠡᠨ ᠤ ᠬᠡᠷᠡᠭ ᠤᠨ | ᠠᠵᠢᠯᠯᠠᠭ᠎ᠠ ᠶᠢᠨ ᠪᠦᠷᠢᠨ ᠴᠢᠳᠠᠪᠤᠷᠢ ᠲᠠᠢ ᠪᠥᠭᠡᠳ ᠬᠠᠤᠯᠢ ᠶᠣᠰᠣᠨ ᠤ ᠬᠦᠴᠦᠨ ᠪᠦᠬᠦᠢ ᠪᠡᠶ᠎ᠡ ᠶᠢᠨ ᠦᠨᠡᠮᠯᠡᠯ ᠢ | ᠬᠠᠩᠭᠠᠵᠤ ᠳᠡᠶᠢᠯᠬᠦ ᠶᠢᠨ ᠬᠠᠮᠲᠤ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠵᠢᠭᠡᠯᠡᠯᠭᠡ ᠶᠢᠨ ᠲᠥᠷᠥᠯ ᠵᠦᠢᠯ ᠳᠤ ᠰᠠᠶᠢᠨ ᠳᠤᠷ᠎ᠠ ᠠᠴᠠ ᠪᠠᠨ ᠣᠷᠣᠯᠴᠠᠬᠤ ᠮᠠᠯᠵᠢᠬᠤ ᠲᠠᠷᠢᠶᠠᠯᠠᠬᠤ ᠣᠷᠣᠨ ᠤ | ᠡᠮᠡᠭᠲᠡᠶᠢᠴᠦᠳ︔ | ⒉ᠪᠡᠶ᠎ᠡ ᠮᠠᠬᠠᠪᠤᠳ ᠡᠷᠡᠭᠦᠯ ᠴᠢᠭᠢᠷᠠᠭ᠂ ᠰᠠᠬᠢᠯᠭ᠎ᠠ ᠪᠠᠲᠤ ᠬᠠᠤᠯᠢ ᠴᠠᠭᠠᠵᠠ ᠶᠢ ᠵᠢᠷᠤᠮᠯᠠᠨ᠂ ᠦᠨᠡᠨᠴᠢ | ᠢᠲᠡᠭᠡᠮᠵᠢᠲᠡᠢ ᠪᠠᠶᠢᠵᠤ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠵᠢᠭᠡᠯᠡᠯᠭᠡ ᠶᠢᠨ ᠲᠤᠬᠠᠶᠢᠯᠠᠭᠰᠠᠨ ᠠᠵᠢᠯ ᠤᠨ | ᠢᠲᠡᠭᠡᠮᠵᠢ ᠣᠯᠬᠤ ᠵᠥᠪᠰᠢᠶᠡᠷᠡᠯ ᠤᠨ ᠵᠢᠷᠤᠮᠵᠢᠯ ᠳᠤ ᠨᠡᠶᠢᠴᠡᠭᠰᠡᠨ ᠪᠠᠶᠢᠬᠤ︔ | ⒊ ᠳᠣᠣᠷᠠᠬᠢ ᠪᠠᠶᠢᠳᠠᠯ ᠤᠳ ᠤᠨ ᠨᠢᠭᠡ ᠨᠢ ᠤᠷᠤᠰᠢᠪᠠᠯ ᠬᠦᠢᠴᠡᠳᠭᠡᠵᠤ ᠪᠣᠯᠬᠤ ᠦᠭᠡᠢ᠄ | ⑴ᠢᠲᠡᠭᠡᠮᠵᠢ ᠶᠢᠨ ᠮᠡᠳᠡᠭᠡ ᠵᠠᠩᠭᠢ ᠶᠢᠨ ᠮᠡᠳᠡᠭᠦᠯᠦᠯᠲᠡ ᠳᠤ ᠬᠦᠨᠳᠦ ᠨᠣᠴᠢᠲᠠᠢ ᠭᠡᠷ᠎ᠡ ᠵᠥᠷᠢᠴᠡᠭᠰᠡᠨ | ᠲᠡᠮᠳᠡᠭᠯᠡᠯ ᠲᠠᠢ ᠪᠠᠶᠢᠬᠤ︔ | ⑵ᠦᠷᠢ ᠥᠭᠴᠡᠭᠡ ᠠᠴᠠ ᠲᠤᠲᠠᠭᠠᠭᠰᠠᠨ ᠪᠤᠶᠤ ᠰᠢᠭᠦᠬᠦ ᠬᠤᠷᠢᠶ᠎ᠠ ᠠᠴᠠ ᠠᠯᠪᠠᠳᠠᠨ ᠭᠦᠢᠴᠡᠳᠬᠡᠭᠦᠯᠬᠦ | ᠡᠲᠡᠭᠡᠳ ᠢᠶᠠᠷ ᠵᠢᠭᠰᠠᠭᠠᠭᠳᠠᠭᠰᠠᠨ ᠤ ᠲᠠᠷᠠᠭ᠎ᠠ ᠦᠷᠢ ᠥᠭᠴᠡᠭᠡ ᠪᠠᠨ ᠪᠤᠴᠠᠭᠠᠭᠰᠠᠨ ᠦᠬᠡᠢ ᠪᠠᠶᠢᠬᠤ︔ | ⑶ᠶᠠᠯ᠎ᠠ ᠬᠢᠭᠰᠡᠨ ᠰᠡᠵᠢᠭᠯᠡᠯᠲᠡᠢ ᠪᠤᠶᠤ ᠶᠠᠯ᠎ᠠ ᠬᠢᠭᠰᠡᠨ ᠠᠴᠠ ᠪᠣᠯᠵᠤ ᠶᠠᠭ ᠬᠠᠤᠯᠢ ᠴᠠᠭᠠᠵᠠ ᠶᠢᠨ ᠰᠢᠳᠬᠡᠯ ᠢ | ᠣᠯᠵᠤ ᠪᠠᠶᠢᠬᠤ︔ | ⑷ ᠵᠣᠭᠤᠰ ᠨᠠᠭᠠᠳᠬᠤ᠂ ᠬᠤᠣᠷ ᠳᠠᠲᠠᠬᠤ ᠵᠡᠷᠭᠡ ᠮᠠᠭᠤ ᠦᠢᠯᠡ ᠠᠵᠢᠯᠯᠠᠭ᠎ᠠ ᠲᠠᠢ ᠪᠠᠶᠢᠬᠤ︔ | ⑸ᠬᠤᠪᠢ ᠬᠥᠮᠥᠨ ᠪᠤᠶᠤ ᠭᠡᠷ ᠪᠦᠯᠢ ᠶᠢᠨ ᠪᠦᠷᠢᠯᠳᠦᠭᠦᠨ ᠨᠢ ᠰᠢᠭᠦᠬᠦ ᠬᠤᠷᠢᠶ᠎ᠠ ᠠᠴᠠ ᠴᠡᠪᠳᠡᠭᠯᠡᠭᠰᠡᠨ ᠡᠳ᠋ | ᠬᠥᠷᠥᠩᠭᠡ ᠲᠠᠢ ᠪᠠᠶᠢᠬᠤ︔ | ⑹ᠤᠯᠤᠰ ᠠᠴᠠ ᠲᠣᠳᠣᠷᠬᠠᠢ ᠵᠠᠷᠯᠢᠭ ᠭᠠᠷᠭᠠᠵᠤ ᠲᠤᠬᠠᠶᠢᠯᠠᠭᠰᠠᠨ ᠠᠵᠢᠯ ᠡᠷᠬᠢᠯᠡᠬᠦ ᠶᠢ ᠴᠠᠭᠠᠵᠢᠯᠠᠭᠰᠠᠨ︔ | ︵ᠬᠤᠶᠠᠷ︶ ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ | ᠬᠡᠷᠡᠭᠯᠡᠬᠦ ᠵᠠᠷᠴᠢᠮ | ⒈ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ ᠬᠤᠰᠢᠭᠤ | ᠡᠮᠡᠭᠲᠡᠶᠢᠴᠦᠳ ᠤᠨ ᠬᠤᠯᠪᠣᠭᠠᠲᠤ ᠬᠤᠷᠠᠯ ᠤᠨ ᠡᠮᠡᠭᠲᠡᠶᠢᠴᠦᠳ ᠬᠡᠦᠬᠡᠳ ᠤᠨ ᠦᠢᠯᠡᠴᠢᠯᠡᠭᠡᠨ ᠤ ᠲᠥᠪ ᠠᠴᠠ | ᠬᠤᠰᠢᠭᠤ ᠵᠠᠰᠠᠭ ᠤᠨ ᠣᠷᠳᠣᠨ ᠢ ᠣᠷᠣᠯᠠᠨ ᠡᠷᠬᠢᠯᠳᠦᠬᠦᠯᠦᠨᠡ︔ | ⒉ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠵᠢᠭᠡᠯᠡᠯᠭᠡ ᠶᠢᠨ ᠦᠶᠡᠯᠡᠯ ᠤᠨ ᠬᠤᠭᠤᠴᠠᠭ᠎ᠠ ᠨᠢ 12 ᠰᠠᠷ᠎ᠠ︔ | ⒊ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠵᠢᠭᠡᠯᠡᠯᠭᠡ ᠶᠢᠨ ᠲᠤᠭ᠎ᠠ ᠬᠡᠮᠵᠢᠶ᠎ᠡ ᠶᠢ ᠡᠮᠡᠭᠲᠡᠢ ᠬᠥᠮᠥᠨ ᠨᠢᠭᠡᠪᠦᠷᠢ ᠳᠤ 10000 ᠲᠥᠭᠦᠷᠢᠭ ᠠᠴᠠ ᠬᠡᠲᠦᠷᠡᠭᠦᠯᠵᠦ | ᠪᠣᠯᠬᠤ ᠦᠭᠡᠢ︔ | ⒋ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ ᠵᠢᠭᠡᠯᠡᠯᠭᠡ | ᠶᠢ ᠬᠡᠷᠡᠭᠯᠡᠬᠦ ᠰᠦᠢᠳᠬᠡᠯ ᠳᠤ ᠵᠢᠭᠡᠯᠡᠯᠭᠡ ᠶᠢᠨ ᠵᠠᠬ᠎ᠠ ᠳᠡᠯᠭᠡᠭᠦᠷ ᠤᠨ ᠦᠨ᠎ᠡ ᠬᠠᠩᠰᠢ ᠶᠢᠨ ᠬᠦᠦ ᠨᠣᠷᠮ᠎ᠠ ︵LPR︶ | ᠶᠢ ᠬᠡᠷᠡᠭᠯᠡᠵᠤ᠂ ᠵᠠᠬ᠎ᠠ ᠳᠡᠯᠭᠡᠭᠦᠷ ᠤᠨ ᠮᠡᠳᠡᠭᠦᠯᠦᠭᠰᠡᠨ ᠦᠨ᠎ᠡ ᠶᠢᠨ ᠬᠦᠦ ᠨᠤᠷᠮ᠎ᠠ ︵LPR︶ ᠳᠤ | ᠲᠣᠬᠢᠷᠠᠭᠤᠯᠤᠯᠲᠠ ᠬᠢᠬᠦ ᠶᠢ ᠳᠠᠭᠠᠯᠳᠤᠨ ᠳᠤᠰ ᠳᠦᠷᠦᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ | ᠵᠢᠭᠡᠯᠡᠯᠭᠡ ᠶᠢᠨ ᠪᠡᠯᠡ ᠮᠥᠩᠭᠦ ᠶᠢ ᠬᠡᠷᠡᠭᠯᠡᠬᠦ ᠰᠦᠢᠳᠬᠡᠯ ᠳᠤ ᠵᠣᠬᠢᠴᠠᠩᠭᠤᠢ ᠲᠣᠬᠢᠷᠠᠭᠤᠯᠤᠯᠲᠠ ᠬᠢᠵᠦ ᠵᠢᠭᠡᠯᠡᠯᠭᠡ ᠶᠢᠨ | ᠭᠦᠢᠴᠡᠳᠬᠡᠬᠦ ᠬᠦᠦ ᠨᠤᠷᠮ᠎ᠠ ᠨᠢ ᠭᠡᠷ᠎ᠡ ᠲᠣᠭᠲᠠᠭᠠᠬᠤ ᠠᠴᠠ ᠡᠮᠦᠨ᠎ᠡ ᠨᠢᠭᠡ ᠡᠳᠦᠷ ᠤᠨ ᠪᠦᠬᠦ ᠤᠯᠤᠰ ᠤᠨ | ᠪᠠᠩᠬᠢ ᠶᠢᠨ ᠬᠤᠭᠤᠷᠣᠨᠳᠣᠬᠢ ᠠᠳᠠᠯᠢ ᠠᠵᠢᠯ ᠳᠦᠷᠦᠯ ᠤᠨ ᠲᠦᠷ ᠵᠢᠭᠡᠯᠡᠯᠭᠡ ᠶᠢᠨ ᠲᠥᠪ ᠤᠨ ᠨᠡᠶᠢᠲᠡᠯᠡᠭᠰᠡᠨ ᠨᠢᠭᠡ | ᠵᠢᠯ ᠤᠨ ᠬᠤᠭᠤᠴᠠᠭ᠎ᠠ ᠲᠠᠢ ᠵᠢᠭᠡᠯᠡᠯᠭᠡ ᠶᠢᠨ ᠵᠠᠬ᠎ᠠ ᠳᠡᠯᠭᠡᠭᠦᠷ ᠤᠨ ᠮᠡᠳᠡᠭᠦᠯᠦᠭᠰᠡᠨ ᠦᠨ᠎ᠡ ᠶᠢᠨ ᠬᠦᠦ ᠨᠤᠷᠮ᠎ᠠ ︵ | LPR︶ ᠪᠠᠶᠢᠵᠤ᠂ ᠭᠡᠷ᠎ᠡ ᠶᠢᠨ ᠬᠤᠭᠤᠴᠠᠭᠠᠨ ᠳᠤ ᠬᠦᠦ ᠨᠤᠷᠮ᠎ᠠ ᠳᠤ ᠲᠣᠬᠢᠷᠠᠭᠤᠯᠤᠯᠲᠠ ᠬᠢᠬᠦ ᠦᠭᠡᠢ᠂ | ᠬᠡᠷᠡᠭᠯᠡᠭᠰᠡᠨ ᠰᠦᠢᠳᠬᠡᠯ ᠢ ᠵᠢᠭᠡᠯᠡᠯᠭᠡ ᠲᠠᠯᠪᠢᠬᠤ ᠦᠶ᠎ᠡ ᠳᠤ ᠤᠷᠢᠳᠠᠪᠠᠷ ᠬᠠᠰᠤᠨ ᠠᠪᠤᠨ᠎ᠠ᠃ | ︵ᠭᠤᠷᠪᠠ︶ ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠬᠡᠷᠡᠭᠴᠡᠭᠡ | ᠲᠥᠷᠥᠯ ᠵᠦᠢᠯ ᠤᠨ ᠡᠮᠡᠭᠲᠡᠶᠢᠴᠦᠳ ᠤᠨ ᠭᠡᠷ ᠪᠦᠯᠢ ᠶᠢᠨ ᠦᠢᠯᠡᠳᠪᠦᠷᠢᠯᠡᠯ ᠢᠶᠠᠨ ᠬᠥᠭᠵᠢᠭᠦᠯᠬᠦ᠂ ᠡᠵᠡᠩᠨᠡᠯᠲᠡ ᠬᠢᠬᠦ | ᠪᠠ ᠣᠷᠣᠯᠭ᠎ᠠ ᠡᠭᠦᠳᠬᠦ ᠳᠤ ᠨᠠᠷᠢᠯᠢᠭ ᠣᠨᠣᠴᠠᠲᠠᠢ ᠪᠠᠷ ᠬᠡᠷᠡᠭᠯᠡᠵᠦ᠂ ᠵᠠᠰᠠᠭ ᠤᠨ ᠣᠷᠳᠣᠨ ᠤ ᠪᠡᠯᠡ | ᠲᠣᠬᠢᠷᠠᠭᠤᠯᠭ᠎ᠠ ᠶᠢᠨ ᠲᠠᠪᠴᠠᠩ ᠳᠤ ᠲᠥᠪᠯᠡᠷᠡᠭᠦᠯᠦᠨ ᠬᠡᠷᠡᠭᠯᠡᠵᠦ ᠪᠣᠯᠬᠤ ᠦᠭᠡᠢ᠂ ᠡᠷᠦᠬᠡ ᠠᠴᠠ ᠵᠢᠭᠡᠯᠡᠵᠦ ᠠᠵᠤ | ᠠᠬᠤᠶᠢᠯᠠᠯ ᠳᠤ ᠬᠡᠷᠡᠭᠯᠡᠵᠦ ᠪᠣᠯᠬᠤ ᠦᠭᠡᠢ᠂ ᠰᠢᠯᠵᠢᠭᠦᠯᠦᠨ ᠵᠢᠭᠡᠯᠡᠭᠦᠯᠵᠦ ᠪᠣᠯᠬᠤ ᠦᠭᠡᠢ᠂ ᠪᠡᠯᠡ ᠮᠥᠩᠭᠦ | ᠴᠤᠭᠯᠠᠭᠤᠯᠤᠨ ᠬᠡᠷᠡᠭᠯᠡᠵᠦ ᠪᠣᠯᠬᠤ ᠦᠭᠡᠢ᠃ | ︵ᠳᠥᠷᠪᠡ︶ ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠪᠠᠲᠤᠯᠠᠪᠤᠷᠢ ᠬᠢᠬᠦ ᠠᠷᠭ᠎ᠠ ᠬᠢᠭᠡᠳ ᠶᠠᠪᠤᠴᠠ | ᠬᠤᠯᠪᠣᠭᠠᠯᠠᠨ ᠪᠠᠲᠤᠯᠠᠬᠤ ᠵᠢᠭᠡᠯᠡᠯᠭᠡ ᠶᠢ ᠪᠠᠭ᠎ᠠ ᠳᠤᠭᠤᠶᠢᠯᠠᠩ ᠤᠨ ᠪᠦᠷᠢᠯᠳᠦᠭᠦᠨ ᠨᠠᠷ ᠬᠤᠯᠪᠣᠭᠠᠯᠠᠨ | ᠪᠠᠲᠤᠯᠠᠬᠤ ᠳᠤᠭᠤᠶᠢᠯᠠᠩ ᠪᠠᠶᠢᠭᠤᠯᠵᠤ ᠬᠤᠯᠪᠣᠯᠳᠤᠭᠰᠠᠨ ᠬᠠᠷᠢᠭᠤᠴᠠᠯᠭ᠎ᠠ ᠶᠢ ᠬᠠᠷᠢᠯᠴᠠᠨ ᠡᠭᠦᠷᠭᠡᠯᠡᠨ᠎ᠡ᠂ | ᠲᠤᠬᠠᠶᠢᠯᠠᠪᠠᠯ ᠬᠡᠷᠪᠡ ᠳᠤᠭᠤᠶᠢᠯᠠᠩ ᠤᠨ ᠨᠢᠭᠡ ᠭᠡᠰᠢᠭᠦᠨ ᠨᠢ ᠵᠢᠭᠡᠯᠡᠯᠭᠡ ᠪᠠᠨ ᠪᠤᠴᠠᠭᠠᠵᠤ ᠳᠡᠶᠢᠯᠬᠦ ᠦᠭᠡᠢ ᠪᠠᠶᠢᠪᠠᠯ᠂ | ᠲᠤᠰ ᠪᠠᠭ᠎ᠠ ᠳᠤᠭᠤᠶᠢᠯᠠᠩ ᠤᠨ ᠪᠤᠰᠤᠳ ᠭᠡᠰᠢᠭᠦᠨ ᠨᠢ ᠡᠷᠬᠡᠪᠰᠢ ᠲᠤᠰ ᠥᠷᠢᠲᠦᠵᠦ ᠪᠠᠶᠢᠭ᠎ᠠ ᠬᠥᠮᠥᠨ ᠤ ᠵᠣᠭᠤᠰ ᠢ | ᠪᠤᠴᠠᠭᠠᠨ᠎ᠠ ︵ᠵᠠᠷᠢᠮ ᠣᠨᠴᠠᠭᠠᠶ ᠪᠠᠶᠢᠳᠠᠯ ᠳᠣᠣᠷᠠᠬᠢ ᠨᠠᠶᠢᠳᠠᠪᠤᠷᠢ ᠦᠭᠡᠢ ᠠᠪᠤᠴᠠᠭ᠎ᠠ᠂ ᠠᠪᠴᠤ ᠳᠡᠶᠢᠯᠬᠦ ᠦᠭᠡᠢ | ᠠᠪᠤᠴᠠᠭ᠎ᠠ ᠪᠠᠭᠲᠠᠬᠤ ᠦᠭᠡᠢ︶᠃ | ︵ᠲᠠᠪᠤ︶ ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ | ᠪᠦᠷᠢᠨ ᠪᠦᠲᠦᠨ ᠴᠢᠨᠠᠷ ᠢ ᠪᠠᠲᠤᠯᠠᠨ᠎ᠠ | ⒈ᠬᠤᠰᠢᠭᠤ᠂ ᠰᠤᠮᠤ ᠪᠠᠯᠭᠠᠰᠤᠨ ᠤ ᠱᠠᠲᠤᠨ ᠳᠤ ᠲᠤᠰᠠᠭᠠᠷ ᠲᠠᠩᠰᠠᠨ ᠡᠷᠦᠬᠡ ᠪᠠᠶᠢᠭᠤᠯᠵᠤ ᠲᠥᠷᠥᠯ | ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ ᠬᠠᠮᠢᠶᠠᠷᠤᠨ᠎ᠠ︔ | ⒉ᠬᠤᠰᠢᠭᠤ ᠠᠴᠠ ᠰᠤᠮᠤ ᠪᠠᠯᠭᠠᠰᠤ ᠬᠦᠷᠲᠡᠯᠡᠬᠢ ᠪᠡᠯᠡ ᠮᠥᠩᠭᠦ ᠶᠢ ᠮᠥᠩᠭᠦᠨ ᠭᠦᠢᠯᠭᠡᠭᠡᠨ ᠤ | ᠪᠠᠶᠢᠭᠤᠯᠤᠮᠵᠢ ᠪᠠᠷ ᠳᠠᠮᠵᠢᠭᠤᠯᠤᠨ ᠲᠠᠷᠬᠠᠭᠠᠨ᠎ᠠ︔ | ⒊ᠰᠤᠮᠤ ᠪᠠᠯᠭᠠᠰᠤᠨ ᠤ ᠲᠥᠷᠥᠯ ᠵᠦᠢᠯ ᠤᠨ ᠠᠯᠪᠠᠨ ᠭᠡᠷ ᠨᠢ ᠲᠥᠷᠥᠯ ᠵᠦᠢᠯ ᠤᠨ ᠳᠤᠭᠤᠶᠢᠯᠠᠩ ᠤᠨ | ᠭᠡᠰᠢᠭᠦᠳ ᠯᠦᠭᠡ ᠬᠤᠪᠢ ᠬᠥᠮᠥᠨ ᠤ ᠵᠢᠭᠡᠯᠡᠯᠭᠡ ᠶᠢᠨ ᠵᠥᠪᠯᠡᠯᠴᠡᠭᠡᠷ ᠲᠣᠭᠲᠠᠭᠰᠠᠨ ᠤ ᠳᠠᠷᠠᠭ᠎ᠠ᠂ 5 ᠠᠵᠢᠯᠯᠠᠬᠤ | ᠡᠳᠦᠷ ᠤᠨ ᠳᠣᠲᠣᠷ᠎ᠠ ᠲᠥᠷᠥᠯ ᠵᠦᠢᠯ ᠤᠨ ᠵᠢᠭᠡᠯᠡᠯᠭᠡ ᠶᠢ ᠳᠤᠭᠤᠶᠢᠯᠠᠩ ᠤᠨ ᠭᠡᠰᠢᠭᠦᠳ ᠲᠤ ᠣᠯᠭᠤᠨ᠎ᠠ︔ | ⒋ᠵᠢᠭᠡᠯᠡᠯᠭᠡ ᠶᠢᠨ ᠬᠤᠭᠤᠴᠠᠭ᠎ᠠ ᠬᠦᠷᠦᠭᠰᠡᠨ ᠤ ᠳᠠᠷᠠᠭ᠎ᠠ᠂ ᠶᠡᠭᠡ ᠳᠤᠭᠤᠶᠢᠯᠠᠩ ᠤᠨ ᠡᠳ᠋ ᠤᠨ ᠶᠠᠪᠤᠳᠠᠯ ᠨᠢ | 3 ᠠᠵᠢᠯᠯᠠᠬᠤ ᠡᠳᠦᠷ ᠤᠨ ᠳᠣᠲᠣᠷ᠎ᠠ ᠪᠤᠴᠠᠭᠠᠬᠤ ᠵᠣᠭᠤᠰ ᠢᠶᠠᠨ ᠰᠤᠮᠤ ᠪᠠᠯᠭᠠᠰᠤᠨ ᠤ SPPA ᠲᠥᠷᠥᠯ | ᠵᠦᠢᠯ ᠤᠨ ᠪᠡᠯᠡ ᠮᠥᠩᠬᠦᠨ ᠤ ᠬᠠᠮᠢᠶᠠᠷᠤᠯᠲᠠ ᠶᠢᠨ ᠲᠤᠰᠬᠠᠢ ᠲᠠᠩᠰᠠᠨ ᠡᠷᠦᠬᠡ ᠳᠤ ᠬᠠᠳᠠᠭᠠᠯᠠᠵᠤ᠂ ᠰᠤᠮᠤ | ᠪᠠᠯᠭᠠᠰᠤᠨ ᠤ ᠲᠥᠷᠥᠯ ᠵᠦᠢᠯ ᠤᠨ ᠠᠵᠢᠯᠲᠠᠨ 3 ᠠᠵᠢᠯᠯᠠᠬᠤ ᠡᠳᠦᠷ ᠤᠨ ᠳᠣᠲᠣᠷ᠎ᠠ ᠬᠤᠷᠢᠶᠠᠵᠤ ᠠᠪᠤᠭᠰᠠᠨ ᠪᠠᠭ᠎ᠠ | ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠪᠠᠨ ᠬᠤᠰᠢᠭᠤ ᠡᠮᠡᠭᠲᠡᠶᠢᠴᠦᠳ ᠬᠡᠦᠬᠡᠳ ᠤᠨ | ᠦᠢᠯᠡᠴᠢᠯᠡᠭᠡᠨ ᠤ ᠲᠥᠪ ᠤᠨ SPPA ᠲᠥᠷᠥᠯ ᠵᠦᠢᠯ ᠤᠨ ᠪᠡᠯᠡ ᠮᠥᠩᠭᠦ ᠶᠢᠨ ᠬᠠᠮᠢᠶᠠᠷᠤᠯᠲᠠ ᠶᠢᠨ ᠲᠤᠰᠠᠭᠠᠷ | ᠲᠠᠩᠰᠠᠨ ᠡᠷᠦᠬᠡ ᠳᠤ ᠰᠢᠯᠵᠢᠭᠦᠯᠦᠨ ᠣᠷᠣᠭᠤᠯᠤᠨ᠎ᠠ᠃ | ᠳᠥᠷᠪᠡ᠂ SPPA ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ | ᠮᠥᠩᠭᠦ ᠶᠢ ᠬᠡᠷᠡᠭᠯᠡᠬᠦ ᠰᠦᠢᠳᠬᠡᠯ ᠤᠨ ᠬᠡᠷᠡᠭᠯᠡᠯᠲᠡ | ⒈1/3 ᠶᠢᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ ᠬᠡᠷᠡᠭᠯᠡᠬᠦ ᠰᠦᠢᠳᠬᠡᠯ | ᠢ ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ ᠲᠦᠭᠰᠢᠭᠦᠷᠢ ᠶᠢᠨ | ᠮᠥᠩᠭᠦ ᠪᠣᠯᠭᠠᠵᠤ᠂ ᠭᠠᠷᠴᠤ ᠮᠡᠳᠡᠬᠦ ᠵᠠᠷᠢᠮ ᠣᠨᠴᠠᠭᠠᠶ ᠪᠠᠶᠢᠳᠠᠯ ᠳᠣᠣᠷᠠᠬᠢ ᠨᠠᠶᠢᠳᠠᠪᠤᠷᠢ ᠦᠭᠡᠢ ᠠᠪᠤᠴᠠᠭ᠎ᠠ᠂ | ᠠᠪᠴᠤ ᠳᠡᠶᠢᠯᠬᠦ ᠦᠭᠡᠢ ᠠᠪᠤᠴᠠᠭ᠎ᠠ ᠶᠢᠨ ᠬᠤᠬᠢᠷᠠᠯ ︵ᠵᠣᠭᠤᠰ ᠵᠢᠭᠡᠯᠡᠭᠴᠢ ᠨᠢ ᠳᠠᠮᠫᠤᠷᠠᠭᠰᠠᠨ ᠪᠤᠶᠤ ᠨᠠᠰᠤ | ᠪᠠᠷᠠᠭᠰᠠᠨ ᠠᠴᠠ ᠪᠣᠯᠵᠤ᠂ ᠳᠠᠮᠫᠤᠷᠠᠭᠰᠠᠨ ᠡᠳ᠋ ᠬᠥᠷᠥᠩᠭᠡ ᠪᠤᠶᠤ ᠥᠪ ᠬᠥᠷᠥᠩᠭᠡ ᠪᠠᠷ ᠢᠶᠠᠨ ᠲᠥᠯᠥᠭᠰᠡᠨ ᠤ | ᠳᠠᠷᠠᠭ᠎ᠠ ᠮᠥᠨ ᠯᠡ ᠪᠤᠴᠠᠭᠠᠨ ᠠᠪᠴᠤ ᠳᠡᠶᠢᠯᠬᠦ ᠦᠭᠡᠢ ᠵᠣᠭᠤᠰ ᠢ ᠰᠤᠮᠤ ᠪᠠᠯᠭᠠᠰᠤᠨ ᠤ ᠲᠥᠷᠥᠯ ᠵᠦᠢᠯ ᠤᠨ | ᠠᠯᠪᠠᠨ ᠭᠡᠷ ᠠᠴᠠ ᠪᠠᠶᠢᠴᠠᠭᠠᠵᠤ ᠬᠢᠨᠠᠨ ᠬᠠᠷᠭᠤᠭᠤᠯᠤᠭᠠᠳ ᠠᠪᠴᠤ ᠳᠡᠶᠢᠯᠬᠦ ᠦᠭᠡᠢ ᠠᠪᠤᠴᠠᠭ᠎ᠠ ᠭᠡᠵᠦ | ᠨᠤᠲᠠᠯᠠᠭᠰᠠᠨ ᠤ ᠳᠠᠷᠠᠭ᠎ᠠ ᠠᠶᠤᠯ ᠲᠦᠭᠰᠢᠭᠦᠷᠢ ᠶᠢᠨ ᠮᠥᠩᠭᠦ ᠶᠢ ᠬᠡᠷᠡᠭᠯᠡᠵᠦ ᠰᠢᠢᠳᠪᠦᠷᠢᠯᠡᠨ᠎ᠡ︶ ᠢ ᠨᠥᠬᠦᠪᠦᠷᠢᠯᠡᠬᠦ ᠳᠤ | ᠬᠡᠷᠡᠭᠯᠡᠨ᠎ᠡ᠂ ᠨᠠᠶᠢᠳᠠᠪᠤᠷᠢ ᠦᠭᠡᠢ ᠠᠪᠤᠴᠠᠭ᠎ᠠ᠂ ᠠᠪᠴᠤ ᠳᠡᠶᠢᠯᠬᠦ ᠦᠭᠡᠢ ᠠᠪᠤᠴᠠᠭ᠎ᠠ ᠶᠢᠨ ᠬᠤᠬᠢᠷᠠᠯ ᠢ | ᠨᠥᠬᠦᠪᠦᠷᠢᠯᠡᠭᠰᠡᠨ ᠤ ᠳᠠᠷᠠᠭᠠᠬᠢ ᠦᠯᠡᠳᠡᠪᠦᠷᠢ ᠬᠡᠰᠡᠭ ᠢ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ | ᠮᠥᠩᠭᠦ ᠶᠢᠨ ᠬᠠᠮᠢᠶᠠᠷᠤᠯᠲᠠ ᠶᠢᠨ ᠲᠤᠰᠬᠠᠢ ᠳᠠᠩᠰᠠᠨ ᠳᠤ ᠬᠠᠳᠠᠭᠠᠯᠠᠨ᠎ᠠ᠃ | ⒉1/3 ᠶᠢᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ ᠬᠡᠷᠡᠭᠯᠡᠬᠦ ᠰᠦᠢᠳᠬᠡᠯ ᠢ | ᠲᠥᠷᠥᠯ ᠵᠦᠢᠯ ᠤᠨ ᠡᠷᠬᠢᠯᠲᠡ ᠶᠢᠨ ᠪᠡᠯᠡ ᠮᠥᠩᠭᠦ ᠪᠣᠯᠭᠠᠵᠤ᠂ ᠲᠥᠷᠥᠯ ᠵᠦᠢᠯ ᠤᠨ ᠡᠮᠡᠭᠲᠡᠶᠢᠴᠦᠳ ᠤᠨ | ᠪᠣᠯᠪᠠᠰᠤᠷᠠᠯ᠂ ᠲᠥᠷᠥᠯ ᠵᠦᠢᠯ ᠤᠨ ᠡᠮᠡᠭᠲᠡᠶᠢᠴᠦᠳ ᠤᠨ ᠠᠵᠢᠯᠯᠠᠭ᠎ᠠ᠂ ᠲᠥᠷᠥᠯ ᠵᠦᠢᠯ ᠤᠨ ᠡᠮᠡᠭᠲᠡᠶᠢᠴᠦᠳ ᠤᠨ | ᠲᠡᠷᠢᠭᠦᠨ ᠤ ᠨᠡᠶᠢᠲᠡᠯᠢᠭ ᠵᠢᠱᠢᠶ᠎ᠡ ᠶᠢ ᠬᠥᠬᠢᠭᠦᠯᠦᠨ ᠱᠠᠩᠨᠠᠬᠤ ᠵᠡᠷᠭᠡ ᠵᠠᠷᠤᠳᠠᠯ ᠤᠨ ᠵᠠᠷᠤᠯᠭ᠎ᠠ ᠪᠠ ᠰᠤᠮᠤ ᠪᠠᠯᠭᠠᠰᠤ᠂ | ᠭᠠᠴᠠᠭ᠎ᠠ ᠲᠣᠰᠬᠤᠨ ᠤ ᠱᠠᠲᠤᠨ ᠤ ᠲᠥᠷᠥᠯ ᠵᠦᠢᠯ ᠤᠨ ᠬᠠᠮᠢᠶᠠᠷᠤᠯᠲᠠ ᠶᠢᠨ ᠡᠳᠦᠷ ᠲᠤᠲᠤᠮ ᠤᠨ ᠬᠡᠷᠡᠭᠰᠡᠬᠦ | ᠠᠯᠪᠠᠨ ᠵᠠᠷᠤᠳᠠᠯ ᠳᠤ ᠬᠡᠷᠡᠭᠯᠡᠵᠦ᠂ ᠰᠤᠮᠤ ᠪᠠᠯᠭᠠᠰᠤᠨ ᠤ ᠳᠡᠭᠡᠭᠰᠢ ᠮᠡᠳᠡᠭᠦᠯᠦᠭᠰᠡᠨ ᠭᠠᠴᠠᠭ᠎ᠠ ᠲᠣᠰᠬᠤᠨ ᠤ ᠲᠥᠷᠥᠯ | ᠵᠦᠢᠯ ᠤᠨ ᠶᠡᠭᠡ ᠳᠤᠭᠤᠶᠢᠯᠠᠩ ᠤᠨ ᠳᠠᠷᠤᠭ᠎ᠠ ᠶᠢᠨ ᠨᠡᠷ᠎ᠡ ᠶᠢ ᠦᠨᠳᠦᠰᠦᠯᠡᠨ ᠬᠥᠮᠥᠨ ᠪᠦᠷᠢ ᠳᠤ ᠵᠢᠯ ᠪᠦᠷᠢ 500 | ᠲᠥᠭᠦᠷᠢᠭ ᠤᠨ ᠨᠥᠬᠦᠪᠦᠷᠢ ᠣᠯᠭᠤᠨ᠎ᠠ᠃ | ⒊1/3 ᠶᠢᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢ ᠬᠡᠷᠡᠭᠯᠡᠬᠦ ᠰᠦᠢᠳᠬᠡᠯ ᠢ | ᠦᠦᠰᠢᠨ ᠬᠤᠰᠢᠭᠤᠨ ᠤ ᠡᠮᠡᠭᠲᠡᠶᠢᠴᠦᠳ ᠬᠡᠦᠬᠡᠳ ᠤᠨ ᠦᠢᠯᠡᠴᠢᠯᠡᠭᠡᠨ ᠤ ᠲᠥᠪ ᠤᠨ SPPA ᠲᠥᠷᠥᠯ | ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠶᠢᠨ ᠬᠠᠮᠢᠶᠠᠷᠤᠯᠲᠠ ᠶᠢᠨ ᠲᠠᠩᠰᠠᠨ | ᠡᠷᠦᠬᠡ ᠳᠤ ᠬᠠᠳᠠᠭᠠᠯᠠᠵᠤ᠂ SPPA ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ | ᠪᠡᠯᠡ ᠮᠥᠩᠭᠦ ᠶᠢ ᠨᠡᠮᠡᠭᠳᠡᠭᠦᠯᠦᠨ᠎ᠡ᠃ | ᠲᠠᠪᠤ᠂ SPPA ᠲᠥᠷᠥᠯ ᠵᠦᠢᠯ ᠤᠨ ᠪᠠᠭ᠎ᠠ ᠬᠡᠯᠪᠡᠷᠢ ᠶᠢᠨ ᠢᠲᠡᠭᠡᠮᠵᠢᠲᠦ ᠵᠢᠭᠡᠯᠡᠯᠭᠡ ᠶᠢᠨ ᠪᠡᠯᠡ | ᠮᠥᠩᠭᠦ ᠶᠢᠨ ᠬᠢᠨᠠᠯᠲᠠ ᠬᠠᠮᠢᠶᠠᠷᠤᠯᠲᠠ | ᠬᠤᠰᠢᠭᠤ ᠠᠷᠠᠳ ᠤᠨ ᠵᠠᠰᠠᠭ ᠤᠨ ᠣᠷᠳᠣᠨ ᠪᠣᠯᠣᠨ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ | ᠬᠡᠦᠬᠡᠳ ᠤᠨ ᠰᠠᠭᠤᠷᠢ ᠮᠥᠩᠭᠦᠨ ᠤ ᠨᠡᠶᠢᠭᠡᠮᠯᠢᠭ ᠤᠨ ᠬᠠᠮᠲᠤᠷᠠᠯᠴᠠᠭᠠᠨ ᠤ ᠲᠥᠰᠥᠯ ᠳᠤ ᠲᠣᠭᠲᠠᠭᠠᠭᠰᠠᠨ ᠠᠮᠵᠢᠯᠲᠠ | ᠪᠦᠲᠦᠮᠵᠢ ᠶᠢᠨ ᠬᠠᠷᠠᠯᠲᠠ ᠵᠢᠴᠢ ᠬᠡᠷᠡᠭᠯᠡᠬᠦ ᠳᠦᠷᠢᠮ ᠢ ᠴᠢᠩᠭ᠎ᠠ ᠵᠢᠷᠤᠮᠯᠠᠨ SPPA ᠲᠥᠷᠥᠯ ᠵᠦᠢᠯ ᠤᠨ ᠪᠡᠯᠡ | ᠮᠥᠩᠭᠦ ᠶᠢ ᠬᠡᠷᠡᠭᠯᠡᠨ᠎ᠡ᠃ ᠬᠤᠰᠢᠭᠤ ᠵᠠᠰᠠᠭ ᠤᠨ ᠣᠷᠳᠣᠨ ᠪᠠ ᠬᠤᠰᠢᠭᠤ ᠬᠢᠨᠠᠨ ᠪᠤᠳᠤᠬᠤ ᠲᠣᠪᠴᠢᠶ᠎ᠠ ᠡᠭᠦᠷᠭᠡ | ᠴᠢᠳᠠᠪᠤᠷᠢ ᠲᠠᠢ ᠪᠠᠨ ᠤᠶᠠᠯᠳᠤᠭᠤᠯᠤᠨ ᠲᠥᠷᠥᠯ ᠵᠦᠢᠯ ᠤᠨ ᠪᠡᠯᠡ ᠮᠥᠩᠭᠦ ᠶᠢᠨ ᠬᠢᠨᠠᠯᠲᠠ ᠬᠠᠮᠢᠶᠠᠷᠤᠯᠲᠠ ᠶᠢ | ᠴᠢᠩᠭᠠᠳᠬᠠᠵᠤ ᠲᠥᠷᠥᠯ ᠵᠦᠢᠯ ᠤᠨ ᠪᠡᠯᠡ ᠮᠥᠩᠭᠦ ᠶᠢᠨ ᠬᠡᠷᠡᠭᠯᠡᠯᠲᠡ ᠶᠢᠨ ᠠᠮᠤᠷ ᠲᠦᠪᠰᠢᠨ ᠥᠨᠳᠥᠷ ᠪᠦᠲᠦᠮᠵᠢᠲᠡᠢ | ᠂ ᠲᠤᠰᠬᠠᠢ ᠵᠣᠭᠤᠰ ᠢ ᠲᠤᠰᠬᠠᠢ ᠬᠡᠷᠡᠭᠯᠡᠬᠦ᠂ ᠪᠡᠶ᠎ᠡ ᠪᠠᠨ ᠳᠠᠭᠠᠭᠠᠨ ᠠᠵᠢᠯᠯᠠᠬᠤ ᠶᠢ ᠪᠠᠲᠤᠯᠠᠵᠤ ᠪᠡᠯᠡ ᠮᠥᠩᠭᠦ ᠶᠢ | ᠦᠯᠡᠳᠡᠭᠡᠨ ᠠᠪᠬᠤ᠂ ᠨᠡᠭᠦᠯᠭᠡᠨ ᠬᠡᠷᠡᠭᠯᠡᠬᠦ᠂ ᠮᠡᠬᠡᠯᠡᠨ ᠠᠪᠬᠤ ᠶᠢ ᠴᠢᠩᠭ᠎ᠠ ᠴᠠᠭᠠᠵᠠᠯᠠᠨ᠎ᠠ᠂ ᠲᠣᠭᠲᠠᠭᠠᠯ ᠠᠴᠠ | ᠵᠥᠷᠢᠴᠡᠭᠰᠡᠨ ᠪᠠᠶᠢᠪᠠᠯ ︽ᠡᠳ᠋ ᠤᠨ ᠵᠠᠰᠠᠭ ᠤᠨ ᠬᠠᠤᠯᠢ ᠠᠴᠠ ᠵᠥᠷᠢᠴᠡᠭᠰᠡᠨ ᠠᠵᠢᠯᠯᠠᠭ᠎ᠠ ᠶᠢ ᠰᠢᠳᠬᠡᠬᠦ ᠳᠦᠷᠢᠮ︾ | ᠶᠣᠰᠣᠭᠠᠷ ᠰᠢᠢᠳᠪᠦᠷᠢᠯᠡᠨ᠎ᠡ᠃ | | | |