ᠤᠯᠤᠰ ᠠᠴᠠ ᠰᠢᠨ᠎ᠡ ᠶᠢ ᠡᠭᠦᠳᠬᠦ ᠶᠢ ᠤᠯᠠᠮ ᠢᠶᠠᠷ ᠴᠢᠬᠤᠯᠠᠴᠢᠯᠠᠬᠤ ᠪᠤᠯᠤᠭᠰᠠᠨ ᠠᠴᠠ ᠦᠨᠳᠦᠰᠦᠨ ᠱᠠᠲᠤᠨ ᠤ ᠮᠡᠷᠭᠡᠵᠢᠯ ᠤᠨ ᠡᠭᠦᠳᠦᠨ ᠪᠥᠲᠦᠭᠡᠯᠲᠡ | ᠳᠤ ᠳᠤᠷ᠎ᠠ ᠪᠠᠭ᠋ᠠᠲᠠᠢ ᠬᠥᠮᠦᠰ ᠤᠨ ᠰᠢᠨ᠎ᠡ ᠶᠢ ᠡᠭᠦᠳᠬᠦ ᠤᠷᠮ᠎ᠠ ᠵᠣᠷᠢᠭ ᠴᠦ ᠨᠡᠩ ᠢᠯᠡᠬᠦᠦ ᠳᠠᠶᠢᠴᠢᠯᠠᠭᠳᠠᠭᠰᠠᠨ ᠪᠠᠶᠢᠳᠠᠭ᠃ ᠮᠠᠨ ᠤ ᠬᠤᠰᠢᠭᠤᠨ ᠤ ︽ | ᠰᠠᠶᠢᠨ ᠠᠨᠳᠠ︾ ᠰᠢᠨ᠎ᠡ ᠶᠢ ᠡᠭᠦᠳᠴᠦ ᠦᠢᠯᠡᠰ ᠪᠣᠰᠬᠠᠬᠤ ᠪᠦᠯᠬᠦᠮ ᠨᠢ ᠣᠯᠠᠨ ᠲᠥᠷᠥᠯ ᠤᠨ ᠡᠭᠦᠳᠦᠨ ᠪᠥᠲᠦᠭᠡᠯᠲᠡ ᠬᠢᠵᠦ ᠤᠯᠤᠰ ᠤᠨ ᠳᠤᠰᠬᠠᠢ | ᠠᠰᠢᠭ ᠤᠨ ᠡᠷᠬᠡ ᠶᠢᠨ ᠦᠨᠡᠮᠯᠡᠯ ᠢ ᠠᠷᠪᠠ ᠭᠠᠷᠤᠢ ᠣᠯᠵᠤ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠠᠮᠢᠳᠤᠷᠠᠯ ᠳᠤ ᠳᠥᠭᠦᠮ ᠦᠵᠡᠭᠦᠯᠵᠦ ᠪᠠᠶᠢᠨ᠎ᠠ᠃ | ᠭᠠᠯᠠᠭᠤᠲᠤ ᠪᠠᠯᠭᠠᠰᠤᠨ ᠲᠥᠪ ᠲᠡᠭᠡᠷ᠎ᠡ ᠪᠠᠶᠢᠭ᠎ᠠ ᠰᠡᠴᠡᠨ ᠤ ᠬᠢᠨ ᠴᠠᠭᠠᠨ ᠢᠳᠡᠭᠡ ᠬᠢᠵᠦ ᠪᠣᠷᠣᠯᠠᠭᠤᠯᠤᠭᠠᠳ ᠭᠤᠴᠢᠨ ᠵᠢᠯ ᠤᠨ ᠨᠢᠭᠤᠷ ᠦᠵᠡᠵᠦ | ᠪᠠᠶᠢᠨ᠎ᠠ᠃ ᠤᠤᠯ ᠨᠢ ᠲᠡᠳᠡ ᠴᠣᠷᠮᠠ ᠪᠠᠨ ᠪᠦᠷ ᠭᠠᠷ ᠢᠶᠠᠷ ᠢᠶᠠᠨ ᠰᠢᠬᠠᠳᠠᠭ ᠪᠠᠶᠢᠭᠰᠠᠨ ᠪᠣᠯ 2018 ᠣᠨ ᠠᠴᠠ ᠡᠬᠢᠯᠡᠵᠦ ᠮᠦᠩᠬᠡᠵᠠᠪ ᠤᠨ ᠰᠣᠳᠣᠯᠤᠨ | ᠦᠢᠯᠡᠳᠦᠭᠰᠡᠨ ᠳᠣᠰᠬᠠᠢ ᠪᠠᠭᠠᠵᠢ ᠪᠠᠷ ᠰᠢᠬᠠᠳᠠᠭ ᠪᠣᠯᠵᠠᠢ᠃ ᠡᠶᠢᠨᠬᠦ ᠣᠣᠯ ᠨᠢ ᠨᠢᠭᠡ ᠴᠠᠭ ᠲᠤ ᠰᠢᠬᠠᠵᠤ ᠪᠠᠷᠠᠬᠤ ᠴᠣᠷᠮᠠ ᠶᠢ ᠡᠶᠢᠮᠦᠷᠬᠦᠦ ᠳᠣᠰᠬᠠᠢ ᠪᠠᠭᠠᠵᠢ | ᠪᠠᠷ ᠰᠢᠬᠠᠪᠠᠯ ᠠᠷᠪᠠᠭ᠋ᠠᠨ ᠮᠢᠨᠦ᠋ᠲ ᠲᠤ ᠰᠢᠬᠠᠭᠠᠳ ᠪᠠᠷᠠᠭᠠᠴᠢᠬᠠᠳᠠᠭ ᠪᠣᠯᠣᠭᠰᠠᠨ ᠪᠠᠶᠢᠨ᠎ᠠ᠃ | ︽ᠰᠢᠷᠬᠤᠰᠤ︾ ᠴᠠᠭᠠᠨ ᠢᠳᠡᠭᠡᠨ ᠤ ᠬᠢᠵᠠᠭᠠᠷᠲᠤ ᠺᠣᠮᠫᠠᠨᠢ ᠶᠢᠨ ᠬᠠᠷᠢᠭᠤᠴᠠᠯᠭᠠᠲᠠᠨ ᠰᠡᠴᠡᠨ᠄ ︽ᠡᠪᠦᠯ ᠤᠨ ᠬᠦᠢᠲᠡᠨ ᠳᠤ ᠭᠠᠷ ᠢᠶᠠᠷ ᠰᠢᠬᠠᠭᠰᠠᠭᠠᠷ | ᠭᠠᠷ ᠳᠠᠭᠠᠷᠠᠵᠦ ᠡᠳᠤᠷ ᠤᠳᠠᠭᠠᠨ ᠳᠠᠭᠠᠨ ᠦᠶ᠎ᠡ ᠬᠡᠰᠢᠬᠦᠨ ᠤ ᠡᠪᠡᠳᠴᠢᠨ ᠣᠷᠣᠨ᠎ᠠ᠂ ᠣᠳᠣ ᠮᠠᠰᠢᠨ ᠢᠶᠠᠷ ᠰᠢᠬᠠᠭᠰᠠᠨ ᠤ ᠰᠡᠭᠦᠯᠡᠷ ᠡᠳᠡᠭᠡᠷ ᠣᠴᠢᠷ ᠪᠠᠶᠢᠬᠤ | ᠦᠬᠡᠢ ᠮᠦᠷᠳᠡᠬᠡᠨ ᠬᠦᠴᠦ ᠴᠦ ᠪᠠᠰᠠ ᠠᠷᠪᠢᠯᠠᠴᠢᠬᠠᠨ᠎ᠠ︾ ᠬᠡᠵᠦ ᠪᠠᠶᠢᠪᠠ᠃ | ᠮᠦᠩᠬᠡᠵᠠᠪ ᠴᠣᠷᠮᠠ ᠰᠢᠬᠠᠬᠤ ᠪᠠᠭᠠᠵᠢ ᠪᠠᠨ ᠬᠡᠳᠦᠨᠳᠠ ᠬᠠᠯᠠᠨ ᠰᠠᠶᠢᠵᠢᠷᠠᠭᠤᠯᠵᠣ᠂ ᠣᠳᠣ ᠪᠠᠰᠠ ᠴᠠᠬᠢᠯᠭᠠᠨ ᠬᠦᠳᠡᠯᠬᠡᠬᠦᠷᠲᠤ ᠪᠠᠭᠠᠵᠢ ᠶᠢ ᠰᠣᠳᠣᠯᠣᠨ | ᠦᠢᠯᠡᠳᠦᠭᠰᠡᠨ ᠠᠴᠠ ᠬᠡᠷᠡᠭᠯᠡᠭᠴᠢᠳ ᠨᠡᠩ ᠢᠯᠡᠭᠦᠦ ᠬᠦᠴᠦ ᠠᠷᠪᠢᠯᠠᠬᠤ ᠪᠣᠯᠣᠭᠰᠠᠨ ᠪᠠᠶᠢᠨ᠎ᠠ᠃ ᠡᠶᠢᠨᠬᠦ 2018 ᠣᠨ ᠠᠴᠠ ᠨᠠᠰᠢ᠂ ᠮᠦᠩᠬᠡᠵᠠᠪ ᠠᠳᠠᠯᠢ | ᠪᠣᠰᠣ ᠭᠤᠷᠪᠠᠨ ᠴᠣᠷᠮᠠ ᠰᠢᠬᠠᠬᠤ ᠪᠠᠭᠠᠵᠢ ᠪᠠᠷ ᠢᠶᠠᠨ ᠳᠣᠰᠪᠤᠷᠢ ᠨᠢᠭᠡ ᠳᠣᠰᠬᠠᠢ ᠠᠰᠢᠭ ᠤᠨ ᠡᠷᠬᠡ ᠶᠢᠨ ᠦᠨᠡᠮᠯᠡᠯ ᠣᠯᠵᠠᠢ᠃ | ︽ᠰᠠᠶᠢᠨ ᠠᠨᠳᠠ︾ ᠰᠢᠨ᠎ᠡ ᠶᠢ ᠡᠭᠦᠳᠴᠦ ᠦᠢᠯᠡᠰ ᠪᠣᠰᠬᠠᠬᠤ ᠪᠦᠯᠬᠦᠮ ᠤᠨ ᠠᠬᠠᠯᠠᠭᠴᠢ ᠮᠥᠩᠬᠡᠵᠠᠪ᠄ ︽ᠬᠥᠳᠡᠭᠡ ᠳᠣᠰᠬᠤᠨ ᠮᠠᠯᠵᠢᠬᠤ ᠣᠷᠣᠨ ᠤ | ᠠᠮᠢᠳᠤᠷᠠᠯ ᠦᠢᠯᠡᠳᠪᠦᠷᠢᠯᠡᠯ ᠳᠤ ᠬᠡᠷᠡᠭᠴᠡᠭᠡ ᠲᠠᠢ ᠵᠢᠵᠢᠭ ᠶᠠᠭᠤᠮᠠᠨ ᠠᠴᠠ ᠡᠬᠢᠯᠡᠵᠦ ᠪᠠᠭᠠᠵᠢ ᠬᠡᠷᠡᠭᠰᠡᠯ ᠢ ᠰᠤᠳᠤᠯᠵᠤ᠂ ᠡᠳᠡᠭᠡᠷ ᠵᠦᠢᠯᠡᠰ ᠢ ᠬᠢᠬᠦ ᠪᠠᠷ ᠭᠤᠣᠯ | ᠴᠢᠭᠯᠡᠯ ᠢᠶᠠᠨ ᠪᠣᠯᠭᠠᠭᠰᠠᠨ ᠶᠤᠮ︾ ᠬᠡᠵᠦ ᠪᠠᠶᠢᠪᠠ᠃ | ᠮᠦᠩᠬᠡᠵᠠᠪ ᠣᠳᠣ ᠴᠣᠷᠮᠠ ᠰᠢᠬᠠᠬᠤ ᠪᠠᠭᠠᠵᠢ ᠠᠴᠠ ᠪᠠᠨ ᠭᠠᠳᠠᠨ᠎ᠠ ᠪᠠᠰᠠ ᠱᠦᠬᠦᠯᠳᠡ ᠲᠠᠢ ᠨᠠᠩᠬᠤ ᠶᠢᠨ ᠳᠠᠭᠯᠠᠭᠠ᠂ ᠠᠶᠢᠷᠠᠭ ᠪᠦᠯᠢᠬᠦ ᠪᠠᠭᠠᠵᠢ | ᠵᠡᠷᠭᠡ ᠨᠡᠶᠢᠲᠡ ᠳᠠᠪᠤᠨ ᠪᠦᠲᠦᠭᠡᠯ ᠳᠤ ᠪᠠᠨ ᠳᠣᠰᠬᠠᠢ ᠠᠰᠢᠭ ᠤᠨ ᠡᠷᠬᠡ ᠶᠢᠨ ᠦᠨᠡᠮᠯᠡᠯ ᠣᠯᠣᠭᠰᠠᠨ ᠪᠠᠶᠢᠨ᠎ᠠ᠃ ᠣᠳᠣ ᠲᠡᠷᠡ ᠪᠠᠰᠠ ᠬᠤᠨᠢ ᠬᠠᠶᠢᠴᠢᠯᠠᠬᠤ | ᠮᠠᠰᠢᠨ ᠤ ᠬᠠᠶᠢᠴᠢ ᠶᠢ ᠰᠢᠨᠡᠴᠢᠯᠡᠭᠡᠳ ᠳᠣᠰᠬᠠᠢ ᠠᠰᠢᠭ ᠤᠨ ᠡᠷᠬᠡ ᠶᠢᠨ ᠡᠷᠡᠮᠡᠯᠵᠡᠯ ᠳᠡᠪᠰᠢᠬᠦᠯᠦᠬᠡᠳ ᠪᠣᠢ᠃ | ︽ᠰᠠᠶᠢᠨ ᠠᠨᠳᠠ︾ ᠰᠢᠨ᠎ᠡ ᠶᠢ ᠡᠭᠦᠳᠴᠦ ᠦᠢᠯᠡᠰ ᠪᠣᠰᠬᠠᠬᠤ ᠪᠦᠯᠬᠦᠮ ᠨᠢ 2020 ᠣᠨ ᠳᠤ ᠪᠠᠶᠢᠭᠤᠯᠤᠭᠳᠠᠵᠤ ᠪᠠᠭᠰᠢ᠂ ᠠᠵᠢᠯ ᠠᠴᠠ ᠪᠠᠨ | ᠠᠮᠠᠷᠠᠭᠰᠠᠨ ᠺᠠᠳ᠋ᠷ᠂ ᠮᠠᠯᠴᠢᠨ᠂ ᠶᠡᠭᠡ ᠰᠤᠷᠭᠠᠭᠤᠯᠢ ᠶᠢᠨ ᠣᠶᠣᠲᠠᠨ ᠵᠡᠷᠭᠡ 12 ᠬᠦᠮᠦᠨ ᠢᠶᠠᠷ ᠪᠦᠷᠢᠯᠳᠦᠭᠰᠡᠨ ᠪᠠᠶᠢᠨ᠎ᠠ᠃ | ᠠᠵᠢᠯ ᠠᠴᠠ ᠪᠠᠨ ᠠᠮᠠᠷᠠᠭᠰᠠᠨ ᠪᠠᠭᠰᠢ ᠠᠯᠳᠠᠨᠳᠠᠯᠠᠢ ᠣᠶᠢᠷ᠎ᠠ ᠳᠤ᠂ ᠨᠠᠰᠣ ᠠᠬᠢᠭᠰᠠᠨ ᠬᠦᠮᠦᠰ ᠣᠷᠳᠣ ᠬᠤᠭᠤᠴᠠᠭ᠎ᠠ ᠬᠤᠨᠢ ᠬᠠᠶᠢᠴᠢᠯᠠᠬᠤ ᠳᠤ ᠬᠦᠯ | ᠨᠢᠷᠤᠭᠤ᠂ ᠬᠦᠵᠦᠬᠦᠦ ᠳᠣᠯᠣᠭᠠᠢ ᠨᠢ ᠡᠪᠡᠳᠳᠡᠭ ᠪᠠᠶᠢᠳᠠᠯ ᠳᠤ ᠵᠣᠷᠢᠭᠤᠯᠵᠦ ᠨᠢᠬᠡ ᠰᠢᠷᠡᠭᠡ ᠬᠢᠭᠰᠡᠨ ᠪᠠᠶᠢᠵᠠᠢ᠃ ᠡᠨᠡ ᠰᠢᠷᠡᠭᠡ ᠶᠢ ᠬᠤᠨᠢ ᠬᠠᠶᠢᠴᠢᠯᠠᠬᠤ ᠳᠤ | ᠬᠡᠷᠡᠭᠯᠡᠪᠡᠯ ᠪᠦᠬᠦᠶᠢᠵᠦ ᠳᠣᠩᠭᠤᠶᠢᠬᠤ ᠨᠢ ᠬᠠᠷᠢᠴᠠᠩᠭᠤᠢ ᠪᠠᠭ᠎ᠠ ᠪᠣᠯᠬᠤᠷ ᠠᠬᠠᠮᠠᠳ ᠨᠠᠰᠣᠳᠠᠶᠢᠴᠣᠳ ᠤᠨ ᠪᠡᠶ᠎ᠡ ᠳᠤ ᠠᠮᠠᠷ ᠪᠠᠶᠢᠳᠠᠭ᠃ | ᠠᠯᠲᠠᠨᠳᠠᠯᠠᠢ᠄ ︽ᠠᠯᠢ ᠡᠷᠳᠡ ᠠᠴᠠ ᠭᠠᠷ ᠤᠷᠠᠯᠠᠯ ᠢ ᠣᠷᠣᠯᠳᠤᠬᠤ ᠠᠵᠢᠯ ᠢ ᠬᠢᠵᠦ ᠪᠠᠶᠢᠭᠰᠠᠨ᠂ ᠡᠭᠦᠨ ᠳᠤ ᠳᠤᠷ᠎ᠠ ᠪᠠᠭ᠋ᠠᠲᠠᠢ᠃ ᠬᠠᠷᠢᠯᠴᠠᠨ | ᠰᠤᠷᠤᠯᠴᠠᠵᠤ ᠬᠠᠮᠲᠤᠪᠠᠷ ᠳᠠᠪᠰᠢᠨ ᠬᠠᠮᠲᠤᠪᠠᠷ ᠣᠷᠣᠯᠳᠤᠵᠦ ᠪᠠᠭᠰᠢ ᠠᠴᠠ ᠣᠯᠠᠨ ᠶᠠᠭᠤᠮ᠎ᠠ ᠰᠤᠷᠴᠠᠢ︾ ᠭᠡᠪᠡ᠃ | ᠠᠯᠳᠠᠨᠳᠠᠯᠠᠢ ᠣᠶᠢᠷ᠎ᠠ ᠶᠢᠨ ᠬᠡᠳᠦᠨ ᠵᠢᠯ ᠳᠤ ᠳᠡᠷᠡ ᠳᠡᠭᠡᠷ᠎ᠡ ᠳᠠᠯᠪᠢᠳᠠᠭ ᠴᠢᠭᠢᠭᠳᠦᠬᠦᠯᠦᠭᠴᠢ᠂ ᠱᠠᠯᠠᠨ ᠤ ᠵᠦᠯᠬᠦᠬᠦᠷ᠂ ᠰᠢᠷᠠᠯᠭ᠎ᠠ ᠶᠢᠨ ᠵᠢᠶᠠᠰᠠ᠂ | ᠬᠤᠭ ᠳᠡᠬᠦᠬᠦ ᠪᠠᠭᠠᠵᠢ ᠵᠡᠷᠭᠡ ᠪᠦᠲᠦᠭᠡᠯ ᠢᠶᠠᠷ ᠢᠶᠠᠨ ᠣᠯᠣᠰ ᠤᠨ ᠳᠣᠰᠬᠠᠢ ᠠᠰᠢᠭ ᠤᠨ ᠡᠷᠬᠡ ᠶᠢᠨ ᠦᠨᠡᠮᠯᠡᠯ ᠣᠯᠵᠠᠢ᠃ 2021 ᠣᠨ ᠳᠤ ᠲᠡᠷᠡ ᠪᠠᠰᠠ | ᠬᠤᠲᠠ ᠶᠢᠨ ᠬᠦᠮᠦᠰ ᠤᠨ ᠭᠠᠯ ᠳᠠᠬᠢᠬᠤ ᠳᠤ ᠵᠣᠷᠢᠭᠤᠯᠣᠭᠰᠠᠨ ᠳᠣᠰᠬᠠᠢ ᠳᠣᠯᠭ᠎ᠠ ᠬᠢᠵᠦ ᠣᠯᠣᠰ ᠤᠨ ᠳᠣᠰᠬᠠᠢ ᠠᠰᠢᠭ ᠤᠨ ᠡᠷᠬᠡ ᠶᠢᠨ ᠦᠨᠡᠮᠯᠡᠯ | ᠣᠯᠣᠭᠰᠠᠨ ᠮᠦᠷᠳᠡᠭᠡᠨ ᠳᠡᠬᠦᠨ ᠢ ᠪᠠᠨ ᠵᠠᠬ᠎ᠠ ᠳᠡᠯᠬᠡᠬᠦᠷ ᠲᠤ ᠭᠠᠷᠭᠠᠭᠰᠠᠨ ᠪᠠᠶᠢᠨ᠎ᠠ᠃ ᠠᠯᠳᠠᠨᠳᠠᠯᠠᠢ ᠵᠢᠷᠭᠤᠭᠠᠨ ᠲᠤᠰᠬᠠᠢ ᠠᠰᠢᠭ ᠤᠨ ᠡᠷᠬᠡ ᠶᠢᠨ ᠦᠨᠡᠮᠯᠡᠯ | ᠣᠯᠬᠤ ᠳᠤ ᠮᠦᠩᠬᠡᠵᠠᠪ ᠦᠪᠡᠷ ᠤᠨ ᠳᠣᠷᠰᠢᠯᠭ᠎ᠠ ᠰᠣᠷᠭᠠᠮᠵᠢ ᠪᠠᠨ ᠬᠤᠪᠢᠶᠠᠯᠴᠠᠵᠦ᠂ ᠣᠶᠢᠯᠠᠭᠠᠵᠦ ᠮᠡᠳᠡᠭᠰᠡᠨ ᠢᠶᠠᠨ ᠵᠦᠪᠯᠡᠭᠰᠡᠬᠡᠷ ᠢᠷᠡᠭᠰᠡᠨ ᠨᠢ ᠠᠯᠳᠠᠨᠳᠠᠯᠠᠢ | ᠳᠤ ᠶᠡᠭᠡ ᠳᠣᠰᠠᠯᠠᠮᠵᠢ ᠪᠣᠯᠵᠠᠢ᠃ ᠮᠦᠩᠬᠡᠵᠠᠪ᠂ ᠠᠯᠳᠠᠨᠳᠠᠯᠠᠢ ᠶᠢᠨ ᠪᠦᠲᠦᠭᠡᠯ ᠣᠯᠠᠨ ᠳᠤ ᠳᠠᠨᠢᠭᠳᠠᠬᠤ ᠶᠢ ᠳᠠᠭᠠᠯᠳᠣᠭᠠᠳ ᠳᠡᠳᠡᠨᠡᠷ ᠠᠴᠠ ᠰᠠᠨᠠᠯ ᠰᠠᠨᠠᠭᠤᠯᠭ᠎ᠠ | ᠠᠪᠬᠤ ᠭᠡᠵᠦ ᠪᠦᠲᠦᠭᠡᠯ ᠢᠶᠠᠨ ᠠᠪᠴᠦ ᠢᠷᠡᠬᠡᠳ ᠠᠭᠤᠯᠵᠠᠬᠤ ᠵᠠᠯᠠᠭᠤ ᠬᠦᠮᠦᠰ ᠴᠦ ᠥᠷᠬᠦᠯᠵᠢ ᠳᠣᠬᠢᠶᠠᠯᠳᠣᠬᠤ ᠪᠣᠯᠣᠭᠰᠠᠨ ᠪᠠᠶᠢᠨ᠎ᠠ᠃ ᠡᠶᠢᠨᠬᠦ 2020 | ᠣᠨ ᠳᠤ᠂ ᠮᠦᠩᠬᠡᠵᠡᠪ ︽ᠰᠠᠶᠢᠨ ᠠᠨᠳᠠ︾ ᠰᠢᠨ᠎ᠡ ᠶᠢ ᠡᠬᠦᠳᠴᠦ ᠦᠢᠯᠡᠰ ᠪᠣᠰᠬᠠᠬᠤ ᠪᠦᠯᠬᠦᠮ ᠢ ᠪᠠᠶᠢᠭᠤᠯᠵᠦ ᠪᠢᠯᠡ᠃ | ᠠᠯᠲᠠᠨᠳᠠᠯᠠᠢ᠄ ︽ᠳᠡᠮ ᠳᠡᠮ ᠳᠡᠭᠡᠨ᠂ ᠳᠡᠭᠡᠰᠦ ᠡᠷᠴᠢᠮ ᠳᠡᠭᠡᠨ ᠭᠡᠳᠡᠭ᠃ ᠭᠠᠭᠴᠠ ᠬᠦᠮᠦᠨ ᠬᠢᠵᠦ ᠴᠢᠳᠠᠬᠤ ᠦᠭᠡᠢ ᠶᠢ ᠳᠠᠶᠠᠭᠠᠷ ᠢᠶᠠᠨ ᠨᠡᠶᠢᠯᠡᠵᠦ | ᠵᠥᠪᠳᠡᠯᠴᠡᠵᠦ ᠬᠢᠪᠡᠯ ᠠᠮᠠᠷᠬᠠᠨ ᠶᠤᠮ︾ ᠭᠡᠵᠦ ᠪᠠᠶᠢᠯ᠎ᠠ᠃ | | | ᠰᠤᠷᠪᠤᠯᠵᠢᠯᠠᠭᠴᠢ᠄ ᠬᠠᠰᠪᠤᠶᠠᠨᠲᠤ | | |