ᠬᠤᠰᠢᠭᠤ ᠲᠠᠪᠤᠳᠤᠭᠠᠷ ᠪᠠᠭ᠎ᠠ ᠰᠤᠷᠭᠠᠭᠤᠯᠢ ᠶᠢᠨ ᠨᠣᠮ ᠤᠩᠰᠢᠯᠭ᠎ᠠ ᠶᠢᠨ ᠮᠠᠷᠠᠽᠤᠨ ᠤᠷᠤᠯᠳᠤᠭᠠᠨ ᠰᠤᠷᠤᠭᠴᠢᠳ ᠤᠨ ᠨᠣᠮ ᠣᠩᠰᠢᠬᠤ ᠢᠳᠡᠪᠬᠢᠵᠢᠯ ᠢ ᠳᠠᠶᠢᠴᠢᠯᠠᠵᠤ ᠪᠠᠶᠢᠨ᠎ᠠ
ᠨᠡᠶᠢᠲᠡᠯᠡᠭᠰᠡᠨ ᠴᠠᠭ᠄
2024/10/18
      ᠤᠶᠢᠷ᠎ᠠ ᠶᠢᠨ ᠡᠳᠤᠷ᠂ ᠬᠤᠰᠢᠭᠤ ᠲᠠᠪᠤᠳᠤᠭᠠᠷ ᠪᠠᠭ᠎ᠠ ᠰᠤᠷᠭᠠᠭᠤᠯᠢ ᠶᠢᠨ ᠬᠢᠨ ᠨᠣᠮ ᠤᠩᠰᠢᠯᠭ᠎ᠠ ᠶᠢᠨ ᠮᠠᠷᠠᠽᠤᠨ ᠤᠷᠤᠯᠳᠤᠭᠠᠨ ᠤ ᠡᠬᠢᠯᠡᠯᠳᠡ ᠶᠢᠨ ᠶᠤᠰᠤᠯᠠᠯ ᠢ ᠶᠠᠪᠤᠭᠳᠠᠭᠤᠯᠵᠤ᠂ ᠪᠥᠭᠦ ᠰᠤᠷᠭᠠᠭᠤᠯᠢ ᠶᠢᠨ ᠪᠠᠭᠰᠢ ᠰᠤᠷᠤᠭᠴᠢᠳ ᠪᠤᠯᠤᠨ ᠭᠡᠰᠡᠭ ᠭᠡᠷ ᠤᠨ ᠠᠬᠠᠮᠠᠳ ᠣᠷᠣᠯᠴᠠᠭᠰᠠᠨ ᠪᠠᠶᠢᠨ᠎ᠠ᠃      ᠨᠣᠮ ᠤᠩᠰᠢᠯᠭ᠎ᠠ ᠶᠢᠨ ᠮᠠᠷᠠᠽᠤᠨ ᠤᠷᠤᠯᠳᠤᠭᠠᠨ ᠤ ᠡᠬᠢᠯᠡᠯᠳᠡ ᠶᠢᠨ ᠶᠤᠰᠤᠯᠠᠯ ᠤᠨ ᠠᠬᠤᠢ ᠲᠠᠯᠠᠪᠠᠢ ᠳᠤ ᠠᠩᠭᠢ ᠪᠠᠷ ᠨᠢᠭᠡᠴᠢᠯᠡᠭᠰᠡᠨ ᠡᠯ᠎ᠡ ᠨᠣᠮ ᠣᠩᠰᠢᠯᠭ᠎ᠠ ᠶᠢᠨ ᠲᠠᠯᠠᠪᠠᠢ ᠨᠢ ᠦᠪᠡᠷ ᠦᠪᠡᠷ ᠤᠨ ᠣᠨᠴᠠᠯᠢᠭ ᠲᠠᠢ ᠪᠠᠶᠢᠵᠤ᠂ ᠰᠤᠷᠤᠭᠴᠢᠳ ᠤᠨ ᠠᠩᠬᠠᠷᠤᠯ ᠢ ᠲᠠᠲᠠᠵᠣ ᠪᠠᠶᠢᠯ᠎ᠠ᠃      ᠲᠤᠬᠠᠢ ᠶᠢᠨ ᠲᠠᠯᠠᠪᠤᠷ ᠲᠤ ᠪᠠᠰᠠ ︽ᠰᠤᠨᠢᠷᠬᠠᠯᠳᠤ ᠨᠣᠮ ᠤᠨ ᠵᠠᠬ᠎ᠠ︾  ᠭᠡᠭᠦ ᠨᠣᠮ ᠤᠨ ᠰᠤᠯᠢᠯᠴᠠᠭ᠎ᠠ ᠬᠢᠭᠦ ᠠᠵᠢᠯᠯᠠᠭ᠎ᠠ ᠶᠢ ᠲᠤᠬᠢᠷᠠᠭᠤᠯᠵᠤ᠂ ᠰᠤᠷᠤᠭᠴᠢᠳ ᠣᠩᠰᠢᠵᠦ ᠦᠩᠭᠡᠷᠡᠭᠰᠡᠨ ᠨᠣᠮ ᠢᠶᠠᠨ ᠠᠪᠴᠢᠷᠠᠵᠤ ᠰᠢᠨ᠎ᠡ ᠨᠣᠮ ᠰᠤᠯᠢᠵᠤ ᠠᠪᠬᠤ ᠪᠤᠶᠤ  ᠬᠠᠷᠢᠯᠴᠠᠨ ᠨᠣᠮ ᠢᠶᠠᠨ ᠰᠤᠯᠢᠯᠴᠠᠵᠤ ᠤᠩᠰᠢᠬᠤ ᠳᠤ ᠲᠦᠭᠦᠮ ᠦᠵᠡᠭᠦᠯᠦᠭᠰᠡᠨ ᠪᠠᠶᠢᠨ᠎ᠠ᠃      ᠬᠤᠰᠢᠭᠤ ᠲᠠᠪᠤᠳᠤᠭᠠᠷ ᠪᠠᠭ᠎ᠠ ᠰᠤᠷᠭᠠᠭᠤᠯᠢ ᠶᠢᠨ ᠠᠩᠬᠠᠳᠤᠭᠠᠷ ᠤᠳᠠᠭᠠᠨ ᠤ ᠨᠣᠮ ᠤᠩᠰᠢᠯᠭ᠎ᠠ ᠶᠢᠨ ᠮᠠᠷᠠᠽᠤᠨ ᠤᠷᠤᠯᠳᠤᠭᠠᠨ ᠢ 42 ᠡᠳᠤᠷ ᠤᠨ ᠬᠤᠭᠤᠴᠠᠭ᠎ᠠ ᠲᠠᠢ ᠶᠠᠪᠤᠭᠳᠠᠭᠤᠯᠬᠤ ᠪᠠᠷ ᠪᠠᠶᠢᠵᠤ᠂ ᠡᠴᠤᠰ ᠲᠤ ᠪᠥᠭᠦ ᠰᠤᠷᠤᠭᠴᠢᠳ ᠦᠪᠡᠷ ᠤᠨ ᠤᠩᠰᠢᠭᠰᠠᠨ ᠨᠣᠮ ᠢᠶᠠᠨ ᠤᠯᠠᠨ ᠲᠠᠢ ᠬᠤᠪᠢᠶᠠᠯᠴᠠᠬᠤ ᠪᠠᠷ ᠲᠠᠮᠵᠢᠨ ᠰᠢᠯᠢᠳᠡᠭ ᠨᠣᠮ ᠤᠩᠰᠢᠭᠴᠢ᠂ ᠰᠢᠯᠢᠳᠡᠭ ᠨᠣᠮ ᠤᠩᠰᠢᠭᠰᠠᠨ ᠠᠩᠭᠢ ᠵᠡᠷᠭᠡ ᠬᠤᠪᠢ ᠬᠦᠮᠦᠨ ᠪᠤᠯᠤᠨ ᠠᠩᠭᠢ ᠨᠢᠭᠡᠴᠢ ᠶᠢ ᠱᠠᠩᠨᠠᠨ ᠬᠦᠭᠢᠭᠦᠯᠭᠦ ᠪᠤᠯᠤᠨ᠎ᠠ᠃
2.jpg
]
1.jpg
                                                                       ᠰᠤᠷᠪᠤᠯᠵᠢᠯᠠᠭᠴᠢ᠄ ᠪᠤᠶᠠᠨᠳᠤ 
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ