ᠭᠠᠯᠠᠭᠤᠳᠣ ᠪᠠᠯᠭᠠᠰᠤᠨ ᠤ ᠬᠦᠬᠡᠳᠣᠯᠣᠭᠠᠢ ᠭᠠᠴᠠᠭᠠᠨ ᠤ ᠮᠠᠯᠴᠢᠨ ᠪᠠᠶᠠᠨᠴᠡᠩᠬᠡᠯ ᠣᠶᠣᠨᠴᠢᠮᠡᠭ ᠬᠤᠶᠠᠭᠤᠯᠠ ᠲᠦᠴᠢᠨ ᠵᠢᠯ ᠤᠨ ᠲᠣᠷᠰᠢ ᠨᠣᠳᠤᠭ | ᠪᠡᠯᠴᠢᠬᠡᠷ ᠢᠶᠠᠨ ᠤᠶᠢᠵᠢᠭᠤᠯᠵᠤ ᠣᠳᠣ 90% ᠠᠴᠠ ᠲᠡᠬᠡᠭᠰᠢᠬᠢ ᠨᠤᠲᠤᠭ ᠪᠡᠯᠴᠢᠭᠡᠷ ᠨᠢ ᠨᠣᠭᠤᠭᠠᠨ ᠪᠦᠷᠢᠳᠣ ᠪᠣᠯᠵᠣ ᠨᠣᠭᠤᠭᠠᠵᠢᠭᠤᠯᠣᠯᠳᠠ ᠶᠢᠨ ᠦᠢᠯᠡᠰ | ᠢᠶᠠᠷ ᠪᠠᠶᠠᠨ ᠵᠢᠷᠭᠠᠯᠳᠣ ᠠᠮᠢᠳᠣᠷᠠᠯ ᠢᠶᠠᠨ ᠴᠣᠭᠴᠠᠯᠠᠵᠤ ᠪᠠᠶᠢᠨ᠎ᠠ᠃ | ᠨᠠᠮᠣᠷ ᠤᠨ ᠣᠯᠠᠷᠢᠯ ᠪᠣᠯ ᠦᠢᠵᠢᠭᠤᠯᠣᠯᠳᠠ ᠬᠢᠬᠦ ᠵᠠᠩᠬᠢᠯᠠᠭ᠎ᠠ ᠶᠢᠨ ᠬᠤᠭᠤᠴᠠᠭ᠎ᠠ ᠪᠤᠯᠤᠨ᠎ᠠ᠃ ᠪᠠᠶᠠᠠᠴᠡᠩᠬᠡᠯ ᠣᠶᠣᠨᠴᠢᠮᠡᠭ ᠬᠤᠶᠠᠭᠤᠯᠠ ᠡᠨᠡ ᠬᠡᠳᠣᠨ | ᠡᠳᠣᠷ ᠪᠣᠷᠣᠭᠠᠨ ᠤ ᠴᠢᠬᠢᠭ ᠢ ᠵᠠᠪᠳᠤᠨ ᠬᠡᠳᠣᠨ ᠠᠴᠢ ᠪᠠᠨ ᠲᠠᠭᠠᠭᠤᠯᠵᠣ᠂ ᠪᠣᠷᠭᠠᠰᠣ ᠴᠠᠪᠴᠢᠨ᠂ ᠮᠠᠩᠬᠠᠨ ᠲᠣᠯᠣᠭᠠᠢ ᠲᠠᠷᠣᠵᠣ ᠲᠠᠷᠠᠭ᠎ᠠ ᠬᠠᠪᠣᠷ ᠤᠨ | ᠰᠡᠯᠭᠢ ᠪᠠᠷ ᠡᠯᠡᠰᠣ ᠨᠡᠬᠦᠬᠦ ᠶᠢ ᠬᠤᠷᠢᠭᠯᠠᠬᠤ ᠠᠵᠢᠯ ᠢ ᠬᠢᠵᠣ ᠪᠠᠶᠢᠯ᠎ᠠ᠃ | ᠤᠳᠤᠬᠠᠨ ᠳᠤ ᠦᠯᠡᠳᠡᠵᠤ ᠪᠠᠶᠢᠭ᠎ᠠ ᠡᠨᠡ ᠬᠡᠳᠣᠨ ᠮᠠᠩᠬᠠᠨ ᠲᠣᠪᠤ ᠪᠣᠯ ᠪᠠᠶᠠᠨᠴᠡᠩᠬᠡᠯ ᠤᠨ ᠤᠶᠢᠵᠢᠭᠤᠯᠤᠯᠲᠠ ᠶᠢᠨ ᠦᠢᠯᠡᠰ ᠤᠨ ᠬᠠᠮᠤᠭ ᠤᠨ ᠡᠴᠣᠰ | ᠤᠨ ︽ᠪᠠᠶᠢᠯᠳᠣᠭᠠᠨ︾ ᠤ ᠲᠠᠯᠠᠪᠣᠷ ᠪᠠᠶᠢᠭ᠎ᠠ ᠶᠣᠮ᠃ 1984 ᠣᠨ ᠳᠤ ᠪᠠᠶᠠᠨᠴᠡᠩᠬᠡᠯ ᠣᠶᠣᠨᠴᠢᠮᠡᠭ ᠠᠩᠬ᠎ᠠ ᠪᠡᠯᠴᠢᠬᠡᠷ ᠬᠤᠪᠢᠶᠠᠵᠣ ᠣᠯᠬᠤ ᠳᠤ ᠶᠡᠭᠡᠩᠭᠢ | ᠭᠠᠵᠠᠷ ᠨᠢ ᠪᠦᠷ ᠨᠢᠴᠦᠭᠦᠨ ᠡᠯᠡᠰᠤ ᠪᠠᠶᠢᠵᠠᠢ᠃ 40 ᠵᠢᠯ ᠤᠨ ᠲᠤᠷᠰᠢᠭᠢ ᠣᠶᠢᠵᠢᠭᠤᠯᠤᠯᠳᠠ ᠪᠠᠷ ᠲᠡᠮᠵᠢᠨ ᠤᠣᠯ ᠤᠨ ᠨᠢᠴᠤᠭᠦᠨ ᠮᠠᠩᠬ᠎ᠠ ᠨᠢ ᠲᠣᠷᠯᠤᠭ᠂ | ᠬᠠᠷᠭᠠᠨ᠎ᠠ ᠪᠠᠷ ᠲᠦᠬᠦᠷᠴᠣ ᠨᠣᠭᠤᠭᠠᠨ ᠪᠦᠷᠢᠳᠣ ᠪᠤᠯᠤᠨ ᠬᠤᠪᠢᠷᠠᠭᠰᠠᠨ ᠪᠠᠶᠢᠯ᠎ᠠ᠃ | ᠲᠦᠩᠬᠡᠵᠢ ᠮᠣᠷᠳᠠᠵᠣ ᠢᠷᠡᠭᠰᠡᠨ ᠣᠶᠣᠨᠴᠢᠮᠡᠭ ᠤᠨ ᠰᠠᠨᠠᠭ᠎ᠠ ᠶᠢ ᠵᠣᠪᠠᠭᠠᠮᠠᠷ ᠪᠠᠶᠢᠭᠰᠠᠨ ᠡᠨᠡᠬᠦ ᠨᠣᠳᠤᠭ ᠢ ᠪᠠᠶᠠᠠᠴᠡᠩᠬᠡᠯ ᠣᠶᠣᠨᠴᠢᠮᠡᠭ ᠬᠤᠶᠠᠭᠤᠯᠠ | ᠲᠡᠭᠷᠢ ᠶᠢᠨ ᠴᠢᠷᠠᠢ ᠬᠠᠷᠠᠵᠣ ᠬᠤᠶᠢᠰᠢ ᠰᠠᠭᠤᠭᠰᠠᠨ ᠦᠬᠡᠢ᠂ ᠬᠠᠷᠢᠨ ᠡᠨᠡᠬᠦ ᠡᠯᠡᠰᠣᠨ ᠨᠣᠳᠤᠭ ᠢᠶᠠᠨ ᠤᠶᠢᠵᠢᠭᠤᠯᠤᠨ ᠦᠬᠡᠷᠡᠴᠢᠯᠡᠬᠦ ᠪᠠᠷ ᠴᠢᠷᠮᠠᠶᠢᠵᠣ | ᠡᠬᠢᠯᠡᠵᠡᠢ᠃ ᠲᠤᠬᠠᠢ ᠶᠢᠨ ᠦᠶ᠎ᠡ ᠳᠤ ᠵᠦᠪᠭᠡᠨ ᠬᠠᠭᠤᠴᠢᠨ ᠬᠡᠷ ᠤᠨ ᠲᠣᠭᠤᠷᠢᠨ ᠳᠤ ᠬᠡᠳᠣᠨ ᠲᠠᠪᠠᠭ ᠮᠣᠳᠣ ᠪᠠᠶᠢᠭᠰᠠᠨ ᠪᠤᠯᠬᠤᠷ ᠲᠡᠷᠡᠭᠦ ᠮᠤᠳᠤᠨ ᠠᠴᠠ | ᠲᠠᠷᠢᠬᠤ ᠰᠤᠶᠤᠭ᠎ᠠ ᠪᠠᠨ ᠣᠯᠳᠠᠭ ᠪᠠᠶᠢᠵᠠᠢ᠃ | ᠣᠨᠤᠭ᠎ᠠ ᠬᠦᠰᠬᠡ ᠣᠷᠣᠬᠤᠶ᠎ᠠ ᠪᠡᠷᠬᠡ ᠡᠯᠡᠰᠣᠨ ᠬᠦᠨ ᠳᠤ᠂ ᠡᠨᠡᠬᠦ ᠬᠡᠳᠣᠨ ᠲᠠᠪᠠᠭ ᠮᠣᠳᠣ ᠪᠠᠷ ᠰᠠᠭᠤᠷᠢᠯᠠᠭᠤᠯᠣᠨ 20 ᠭᠠᠵᠠᠷ ᠤᠨ ᠲᠡᠷᠳᠡᠭᠡ ᠠᠴᠠ | ᠰᠣᠶᠤᠭ᠎ᠠ ᠮᠣᠳᠣ ᠠᠴᠢᠵᠣ ᠲᠠᠳᠠᠬᠤ ᠪᠠᠷ ᠲᠠᠮᠵᠢᠨ ᠬᠡᠳᠣᠨ ᠵᠢᠯ ᠦᠷᠯᠦᠬᠡ ᠦᠳᠡᠰᠢ ᠦᠬᠡᠢ ᠦᠢᠵᠢᠭᠤᠯᠣᠭᠰᠠᠨ ᠮᠣᠳᠣᠳ ᠨᠢ ᠴᠠᠶᠢᠳᠠᠮ ᠤᠨ ᠬᠦᠪᠡᠭᠡ ᠶᠢ | ᠲᠠᠭᠠᠵᠣ ᠨᠣᠭᠤᠭᠠᠷᠠᠭᠰᠠᠨ ᠨᠢ ᠲᠡᠷᠡ ᠬᠤᠶᠠᠭᠤᠯᠠ ᠶᠢᠨ ᠦᠢᠵᠢᠭᠤᠯᠣᠯᠳᠠ ᠶᠢᠨ ᠦᠢᠯᠡᠰ ᠲᠤ ᠨᠠᠩ ᠶᠡᠭᠡ ᠵᠣᠷᠢᠭ ᠨᠡᠮᠡᠷᠢᠯᠡᠵᠡᠢ᠃ ᠬᠡᠪᠡᠴᠣ ᠣᠳᠠ ᠣᠯᠢᠶᠠᠰᠣ | ᠵᠡᠷᠬᠡ ᠨᠢ ᠮᠠᠩᠬᠠᠨ ᠬᠦᠪᠡᠭᠡ ᠲᠠᠭᠠᠭᠤᠯᠣᠨ ᠲᠠᠷᠢᠬᠤ ᠳᠤ ᠪᠣᠯᠬᠤ ᠠᠴᠠ ᠮᠠᠩᠬᠠᠨ ᠲᠣᠯᠣᠭᠠᠢ ᠲᠣᠭᠳᠠᠪᠣᠷᠢᠵᠢᠭᠤᠯᠬᠤ ᠳᠤ ᠬᠠᠷᠢᠨ ᠤᠷᠭᠤᠯᠲᠠ ᠶᠢᠨ ᠨᠣᠷᠮ᠎ᠠ ᠨᠢ | ᠲᠣᠩ ᠲᠣᠣᠷ᠎ᠠ ᠪᠠᠶᠢᠳᠠᠭ ᠪᠠᠶᠢᠨ᠎ᠠ᠃ ᠡᠨᠡᠬᠦ ᠪᠠᠶᠢᠳᠠᠯ ᠳᠤ ᠪᠠᠶᠠᠨᠴᠡᠩᠬᠡᠯ ᠠᠷᠭ᠎ᠠ ᠮᠣᠬᠤᠷᠳᠠᠨ ᠭᠠᠷ ᠢᠶᠠᠨ ᠨᠣᠬᠤᠯᠠᠵᠣ ᠪᠠᠶᠢᠬᠤ ᠳᠤ 1990 ᠣᠨ ᠳᠤ | ᠬᠤᠰᠢᠭᠤ ᠰᠣᠮᠣᠨ ᠠᠴᠠ ᠨᠢᠰᠬᠡᠯ ᠢᠶᠠᠷ ᠦᠢᠵᠢᠭᠤᠯᠣᠯᠳᠠ ᠬᠢᠵᠣ ᠪᠠᠶᠢᠭ᠎ᠠ ᠰᠣᠷᠠᠭ ᠢ ᠰᠣᠨᠣᠰᠣᠭᠠᠳ ᠪᠠᠶᠠᠠᠴᠡᠩᠬᠡᠯ ᠡᠨᠡᠭᠦ ᠠᠵᠠ ᠵᠠᠪᠰᠢᠶᠠᠨ ᠢ ᠤᠯᠬᠤ ᠪᠠᠷ | ᠴᠢᠷᠮᠠᠶᠢᠵᠠᠢ᠃ | ᠲᠡᠷᠡ ᠵᠢᠯ ᠰᠤᠮᠤᠨ ᠠᠴᠠ ᠪᠠᠶᠠᠠᠴᠡᠩᠭᠡᠯ ᠤᠨ 2000 ᠭᠠᠷᠣᠢ ᠮᠣ᠋ ᠡᠯᠡᠰᠤ ᠶᠢ ᠨᠢᠰᠭᠡᠯ ᠢᠶᠠᠷ ᠤᠶᠢᠵᠢᠭᠤᠯᠵᠤ ᠦᠭᠴᠡᠢ᠃ ᠲᠣᠰ ᠵᠢᠯ ᠤᠨ ᠪᠣᠷᠣᠭᠠᠨ | ᠬᠤᠷ᠎ᠠ ᠲᠡᠩᠴᠡᠬᠦᠷᠢᠳᠡᠢ ᠠᠴᠠ ᠦᠢᠵᠢᠭᠤᠯᠣᠯᠳᠠ ᠨᠢ ᠶᠡᠬᠡᠬᠡᠨ ᠠᠮᠵᠢᠯᠳᠠ ᠣᠯᠵᠣ ᠪᠠᠶᠠᠠᠴᠡᠩᠬᠡᠯ ᠤᠨ ᠬᠢᠨ ᠴᠣ᠋ ᠲᠣᠷᠯᠤᠭ᠂ ᠬᠠᠷᠭᠠᠨ᠎ᠠ ᠵᠡᠷᠬᠡ ᠲᠡᠵᠢᠬᠡᠯᠳᠣ | ᠡᠪᠡᠰᠣ ᠶᠢᠨ ᠰᠠᠶᠢᠨ ᠢ ᠠᠩᠬ᠎ᠠ ᠮᠡᠳᠡᠪᠡ᠃ | ᠪᠠᠶᠠᠨᠴᠡᠩᠬᠡᠯ ᠣᠶᠣᠨᠴᠢᠮᠡᠭ ᠬᠤᠶᠠᠭᠤᠯᠠ 40 ᠵᠢᠯ ᠤᠨ ᠴᠠᠭ ᠢ ᠵᠠᠷᠤᠴᠠᠭᠤᠯᠵᠤ ᠠᠷᠢᠭᠤᠨ ᠴᠠᠭᠠᠨ ᠬᠦᠳᠡᠯᠮᠦᠷᠢ ᠠᠵᠢᠯᠴᠢ ᠬᠤᠶᠠᠷ ᠭᠠᠷ ᠢᠶᠠᠷ ᠢᠶᠠᠨ | ᠤᠤᠯ ᠤᠨ ᠬᠦᠮᠦᠨ ᠮᠠᠯ ᠤᠷᠤᠰᠢᠬᠤᠶᠠ ᠪᠡᠷᠬᠡ ᠪᠠᠶᠢᠭᠰᠠᠨ ᠡᠯᠡᠰᠦ ᠮᠠᠩᠬ᠎ᠠ ᠶᠢ ᠣᠶᠢᠵᠢᠭᠤᠯᠵᠤ ᠦᠨᠦᠳᠤᠷ ᠪᠤᠯᠬᠤ ᠳᠤ ᠨᠢᠴᠦᠭᠦᠨ ᠡᠯᠡᠰᠤ ᠨᠤᠭᠤᠭᠠᠨ | ᠬᠤᠪᠴᠠᠰᠤ ᠪᠠᠷ ᠭᠠᠳᠠᠷᠯᠠᠭᠳᠠᠵᠤ ᠠᠮᠢ ᠠᠬᠤᠢ ᠰᠡᠶᠢᠵᠢᠷᠠᠨ ᠬᠦᠮᠦᠨ ᠠᠷᠡᠳ ᠴᠢᠨᠡᠭᠡᠯᠢᠭ ᠠᠮᠢᠳᠤᠷᠠᠯ ᠢ ᠡᠳ᠋ᠯᠡᠭᠦ ᠪᠤᠯᠵᠠᠢ᠃ | ᠪᠠᠶᠠᠨᠴᠡᠩᠬᠡᠯ᠄ ︽ᠨᠢᠰᠬᠡᠬᠡ ᠮᠠᠩᠬᠠᠨ ᠣᠷᠣᠢ ᠬᠡᠳᠡᠭ ᠵᠠᠪᠠᠯ ᠴᠠᠭ ᠤᠷᠤᠨ᠎ᠠ᠂ ᠬᠤᠶᠠᠷ ᠬᠠᠪᠢᠷᠭ᠎ᠠ ᠨᠢ ᠪᠦᠷ ᠦᠢᠵᠢᠴᠢᠬᠠᠭᠰᠠᠨ ᠴᠦ ᠤᠷᠤᠢ ᠨᠢ | ᠦᠢᠵᠢᠬᠤ ᠦᠬᠡᠢ᠂ ᠲᠠᠬᠢᠨ ᠲᠠᠬᠢᠨ ᠲᠠᠷᠢᠵᠣ ᠪᠠᠶᠢᠵᠤ ᠣᠳᠠᠭᠠᠨ ᠢᠶᠠᠷ ᠰᠠᠶᠢᠬᠠᠨ ᠲᠣᠭᠳᠠᠪᠣᠷᠢᠵᠢᠭᠤᠯᠵᠣ ᠠᠪᠳᠠᠭ︾ ᠬᠡᠪᠡ᠃ | ᠣᠶᠣᠨᠴᠢᠮᠡᠭ᠄ ︽ᠲᠡᠷᠡ ᠦᠶᠡᠰ ᠡᠬᠢᠯᠡᠵᠤ ᠦᠢᠵᠢᠭᠤᠯᠬᠤ ᠦᠶ᠎ᠡ ᠳᠤ ᠣᠷᠭᠤᠬᠤ ᠦᠬᠡᠢ ᠴᠣᠬᠤᠮ ᠵᠣᠷᠢᠭ ᠮᠣᠬᠤᠷᠠᠵᠣ ᠪᠠᠶᠢᠭᠰᠠᠨ᠃ ᠲᠠᠷᠢᠭᠠᠳ | ᠲᠠᠷᠢᠭᠠᠳ ᠤᠷᠭᠤᠬᠤ ᠦᠭᠡᠢ᠂ ᠶᠠᠮᠠᠷ ᠠᠷᠭ᠎ᠠ ᠶᠢ ᠴᠦ ᠴᠤᠬᠤᠮ ᠠᠪᠴᠦ ᠪᠠᠶᠢᠭᠰᠠᠨ︾ ᠭᠡᠵᠤ ᠶᠠᠷᠢᠵᠤ ᠪᠠᠶᠢᠯ᠎ᠠ᠃ | ᠴᠢᠷᠮᠠᠶᠢᠯᠭ᠎ᠠ ᠬᠦᠮᠦᠨ ᠢ ᠬᠦᠰᠡᠷᠳᠡᠬᠦᠯᠳᠡᠭ ᠦᠬᠡᠢ᠃ ᠪᠠᠶᠠᠠᠴᠡᠩᠬᠡᠯ ᠣᠶᠣᠨᠴᠢᠮᠡᠭ ᠨᠢᠬᠡ ᠬᠡᠷ ᠤᠨ ᠬᠢᠨ ᠤ ᠲᠦᠴᠢᠬᠡᠳ ᠵᠢᠯ ᠤᠨ ᠴᠢᠷᠮᠠᠶᠢᠯᠭ᠎ᠠ ᠨᠢ | ᠲᠠᠯᠠᠭᠠᠷ ᠪᠤᠯᠤᠭᠰᠠᠨ ᠦᠭᠡᠢ ᠭᠡᠳᠡᠭ ᠢ ᠦᠨᠦᠳᠣᠷ ᠤᠨ ᠪᠡᠯᠴᠢᠬᠡᠷ ᠪᠦᠷᠬᠦᠭᠰᠡᠨ ᠲᠣᠷᠯᠤᠭ ᠬᠠᠷᠭᠠᠨ᠎ᠠ᠂ ᠨᠣᠭᠤᠭᠠᠷᠠᠨ ᠬᠦᠪᠴᠢᠯᠡᠭᠰᠡᠨ ᠣᠢ ᠮᠣᠳᠣ ᠠᠴᠠ ᠯᠠ | ᠣᠯᠵᠣ ᠬᠠᠷᠠᠨ᠎ᠠ᠃ | ᠪᠠᠶᠠᠨᠴᠡᠩᠬᠡᠯ᠄ ︽ᠪᠢ ᠲᠦᠴᠢ ᠭᠠᠷᠤᠢ ᠵᠢᠯ ᠤᠶᠢᠵᠢᠭᠤᠯᠤᠭᠠᠳ ᠣᠣᠯ ᠨᠢ 10% ᠶᠢᠨ ᠨᠣᠭᠤᠭᠠᠨ ᠪᠡᠯᠴᠢᠬᠡᠷ ᠪᠠᠶᠢᠭᠰᠠᠨ ᠠᠴᠠ 1997 ᠣᠨ | ᠪᠣᠯᠬᠤ ᠳᠤ 15% ᠶᠢᠨ ᠨᠣᠭᠤᠭᠠᠨ ᠪᠡᠯᠴᠢᠬᠡᠷ ᠪᠣᠯᠣᠭᠰᠠᠨ᠂ ᠲᠠᠷᠢᠭᠰᠠᠭᠠᠷ ᠲᠠᠷᠢᠭᠰᠠᠭᠠᠷ ᠦᠨᠦᠳᠣᠷ ᠪᠣᠯᠬᠤ ᠳᠤ 95% ᠳᠤ ᠵᠠᠪᠲᠤᠵᠤ ᠪᠠᠶᠢᠨ᠎ᠠ᠂ ᠡᠬᠦᠨ | ᠳᠡᠭᠡᠨ ᠪᠢ ᠪᠠᠰᠠ ᠣᠯᠵᠠᠭᠤᠷᠬᠠᠳᠠᠭ ᠶᠣᠮ︾ ᠭᠡᠵᠤ ᠪᠠᠶᠠᠷᠲᠠᠶᠢᠬᠠᠨ ᠶᠠᠷᠢᠵᠤ ᠪᠠᠶᠢᠯ᠎ᠠ᠃ | ᠵᠠᠯᠠᠭᠤ ᠽᠠᠨᠳᠠᠨ ᠨᠠᠰᠣ ᠠᠴᠠ ᠵᠢᠷᠠ ᠶᠢᠨ ᠲᠠᠪᠠᠭ᠎ᠠ ᠶᠢ ᠲᠠᠪᠠᠵᠣ ᠵᠠᠵᠢᠨ ᠦᠰᠦ ᠴᠠᠶᠢᠳᠠᠯ᠎ᠠ᠂ ᠦᠯᠦᠬᠡᠢ ᠨᠣᠳᠤᠭ᠂ ᠦᠪᠡᠷ ᠤᠨ ᠬᠡᠷ ᠤᠨ ᠲᠦᠯᠦᠬᠡ | ᠬᠡᠮᠡᠨ ᠵᠢᠳᠬᠦᠵᠣ ᠶᠠᠪᠣᠭᠰᠠᠨ ᠬᠤᠶᠠᠭᠤᠯᠠ ᠦᠨᠦᠳᠣᠷ ᠪᠣᠯᠬᠤ ᠳᠤ ᠪᠡᠯᠴᠢᠬᠡᠷ ᠨᠢ ᠨᠣᠮᠢᠨ ᠨᠣᠭᠤᠭᠠᠨ᠂ ᠠᠮᠢᠳᠣᠷᠠᠯ ᠦᠢᠯᠡᠰ ᠨᠢ ᠣᠷᠣᠭᠰᠢᠳᠠᠢ ᠵᠢᠷᠭᠠᠯᠳᠠᠢ | ᠠᠮᠣᠷ ᠰᠠᠶᠢᠬᠠᠨ ᠵᠢᠷᠭᠠᠵᠣ ᠰᠠᠭᠤᠨ᠎ᠠ᠃ | | | ᠰᠣᠷᠪᠣᠯᠵᠢᠯᠠᠭᠴᠢ᠄ ᠪᠣᠶᠠᠨᠳᠣ |