ᠡᠪᠡᠰᠦ ᠪᠡᠯᠴᠢᠭᠡᠷ ᠥᠳᠭᠡᠨ ᠰᠠᠬᠤᠯᠠᠭ ᠲᠠᠷᠭᠤᠨ ᠨᠠᠮᠤᠷ ᠤᠨ ᠤᠯᠠᠷᠢᠯ ᠪᠣᠯ ᠪᠣᠳᠠ ᠪᠣᠭ ᠮᠠᠯ ᠳᠤ ᠲᠤᠰᠤᠨ ᠲᠠᠷᠭᠤ ᠠᠪᠤᠭᠤᠯᠬᠤ ᠵᠠᠩᠬᠢᠯᠠᠭ᠎ᠠ ᠶᠢᠨ | ᠴᠠᠭ ᠪᠣᠯᠣᠨ᠎ᠠ᠃ ᠮᠡᠳᠡᠭᠡᠵᠢ ᠪᠠᠷ ᠮᠠᠯ ᠰᠦᠷᠦᠭ ᠬᠡᠳᠦᠢ ᠲᠦᠭᠦᠷᠡᠩ ᠲᠡᠷᠭᠤ ᠠᠪᠤᠪᠠᠯ ᠵᠣᠳ ᠭᠠᠮᠰᠢᠭ ᠲᠤ ᠲᠠᠭᠠᠭᠠᠴᠠ ᠲᠠᠢ ᠪᠠᠶᠢᠵᠦ᠂ ᠡᠪᠡᠳᠴᠢᠨ ᠭᠡᠮ ᠢ | ᠡᠰᠡᠷᠭᠦᠴᠡᠬᠦ ᠴᠢᠳᠠᠪᠣᠷᠢ ᠨᠢ ᠴᠣ᠋ ᠲᠡᠳᠦᠢ ᠰᠠᠶᠢᠨ᠂ ᠦᠭᠦᠯ ᠬᠤᠬᠢᠷᠠᠯ ᠨᠢ ᠲᠡᠳᠦᠢ ᠴᠦᠭᠡᠨ ᠪᠠᠶᠢᠳᠠᠭ᠃ | ᠪᠤᠳᠠ ᠪᠣᠭ ᠮᠠᠯ ᠳᠤ ᠲᠤᠰᠤᠨ ᠲᠠᠷᠭᠤ ᠰᠠᠶᠢᠨ ᠠᠪᠣᠭᠤᠯᠬᠤ ᠳᠤ ᠲᠤᠤᠷᠠᠬᠢ ᠬᠡᠳᠦᠨ ᠲᠠᠯ᠎ᠠ ᠪᠠᠷ ᠣᠨᠴᠠᠭᠠᠢ ᠠᠩᠬᠠᠷᠬᠤ ᠬᠡᠷᠡᠭᠲᠡᠢ᠄ | 1. ᠮᠠᠯ ᠰᠦᠷᠦᠭ ᠤᠨ ᠲᠤᠭ᠎ᠠ ᠲᠣᠯᠣᠭᠠᠢ ᠶᠢ ᠵᠣᠬᠢᠰᠲᠠᠢ ᠬᠢᠵᠠᠭᠠᠷᠯᠠᠨ᠎ᠠ᠂ ᠮᠠᠯ ᠰᠦᠷᠦᠭ ᠤᠨ ᠲᠤᠭ᠎ᠠ ᠨᠢ ᠭᠡᠳᠦ ᠣᠯᠠᠰᠢᠷᠠᠬᠤ ᠪᠤᠶᠤ ᠴᠥᠭᠡᠷᠡᠪᠡᠯ | ᠠᠷᠠᠴᠢᠯᠠᠵᠦ ᠮᠠᠯᠯᠠᠬᠤ ᠪᠠ ᠬᠠᠷᠢᠭᠤᠯᠬᠤ ᠳᠤ ᠮᠠᠭᠤ ᠶᠤᠮ᠂ ᠶᠡᠷᠦ ᠶᠢᠨ ᠪᠠᠶᠢᠳᠠᠯ ᠳᠤ ᠪᠣᠭ ᠮᠠᠯ ᠢ 400 — 500 ᠲᠣᠯᠣᠭᠠᠢ︔ ᠠᠳᠤᠭᠤ ᠶᠢ ᠪᠣᠯ 150 | — 200 ᠲᠣᠯᠣᠭᠠᠢ︔ ᠦᠭᠡᠷ ᠢ ᠪᠣᠯ 30 — 100 ᠲᠣᠯᠣᠭᠠᠢ ᠰᠦᠷᠦᠭᠯᠡᠭᠦᠯᠪᠡᠯ ᠬᠠᠮᠤᠭ ᠤᠨ ᠲᠣᠬᠢᠷᠠᠮᠵᠢᠲᠠᠢ ᠪᠠᠶᠢᠳᠠᠭ᠃ ᠢᠡᠭᠬᠢᠪᠡᠯ ᠪᠡᠯᠴᠢᠭᠡᠷᠯᠡᠭᠦᠯᠦᠨ | ᠬᠠᠷᠢᠭᠤᠯᠬᠤ᠂ ᠵᠢᠰᠤᠯᠠᠵᠦ ᠲᠠᠨᠢᠬᠤ ᠪᠠ ᠪᠦᠷᠢᠳᠭᠡᠨ ᠲᠤᠭᠠᠯᠠᠬᠤ᠂ ᠡᠪᠡᠳᠴᠢᠨ ᠬᠢᠵᠢᠭ ᠢ ᠨᠢ ᠡᠮᠨᠡᠨ ᠵᠠᠰᠠᠬᠤ ᠪᠠ ᠰᠡᠷᠭᠡᠶᠢᠯᠡᠬᠦ᠂ ᠠᠷᠠᠴᠢᠯᠠᠭ᠎ᠠ ᠲᠤᠳᠤᠮᠳᠤᠯᠭ᠎ᠠ | ᠪᠠᠨ ᠴᠢᠩᠭᠠᠳᠬᠠᠬᠤ ᠳᠤ ᠪᠦᠷ ᠠᠰᠢᠭᠲᠠᠢ ᠶᠤᠮ᠃ | 2. ᠰᠦᠷᠦᠭ ᠰᠠᠯᠭᠠᠨ ᠬᠠᠷᠢᠭᠤᠯᠬᠤ᠃ ᠪᠤᠭ ᠮᠠᠯ ᠢ ᠡᠪᠡᠰᠦ ᠪᠡᠯᠴᠢᠭᠡᠷ᠂ ᠣᠰᠣ ᠤᠮᠳᠠ᠂ ᠲᠥᠯ᠂ ᠦᠷ᠎ᠡ ᠶᠢᠨ ᠮᠠᠯ ᠵᠡᠷᠭᠡ ᠪᠠᠷ ᠨᠢ ᠠᠩᠬᠢᠯᠠᠵᠦ᠂ | ᠠᠯᠢ ᠪᠤᠯᠬᠤ ᠪᠠᠷ ᠠᠰ ᠲᠤᠨᠢ ᠰᠦᠷᠦᠭᠯᠡᠭᠦᠯᠪᠡᠯ ᠲᠤᠰᠤᠨ ᠲᠠᠷᠭᠤ ᠶᠢ ᠨᠢ ᠬᠠᠮᠠᠭᠠᠯᠠᠬᠤ᠂ ᠠᠷᠠᠴᠢᠯᠠᠭ᠎ᠠ ᠮᠠᠯᠯᠠᠭ᠎ᠠ ᠳᠤ ᠲᠥᠭᠦᠮ ᠪᠠᠶᠢᠳᠠᠭ᠃ ᠤᠴᠢᠷ ᠨᠢ | ᠠᠳᠠᠯᠢ ᠪᠣᠰᠣ ᠨᠠᠰᠤᠨ ᠤ ᠮᠠᠯ ᠪᠠ ᠬᠦᠢᠰᠦ ᠶᠢᠨ ᠢᠯᠭᠠᠯ ᠨᠢ ᠠᠳᠠᠯᠢ ᠦᠭᠡᠢ᠂ ᠠᠳᠠᠯᠢ ᠲᠥᠷᠥᠯ ᠤᠨ ᠮᠠᠯ ᠤᠨ ᠴᠣᠪᠣᠵᠣ ᠪᠡᠯᠴᠢᠭᠡᠷᠯᠡᠬᠦ᠂ ᠢᠳᠡᠰᠢᠯᠡᠬᠦ | ᠲᠤᠷᠠᠰᠢᠯ ᠪᠠ ᠢᠳᠡᠰᠢᠯᠡᠬᠦ ᠬᠡᠮᠵᠢᠶ᠎ᠡ᠂ ᠰᠢᠮ᠎ᠡ ᠲᠡᠵᠢᠭᠡᠯ ᠤᠨ ᠱᠠᠭᠠᠷᠳᠠᠯᠭ᠎ᠠ ᠵᠡᠷᠭᠡ ᠨᠢ ᠪᠦᠷ ᠠᠳᠠᠯᠢ ᠦᠭᠡᠢ ᠪᠠᠶᠢᠳᠠᠭ᠃ ᠡᠭᠦᠨ ᠳᠤ ᠬᠤᠷᠠᠭ᠎ᠠ ᠢᠰᠢᠭᠡ ᠶᠢ 8 | ᠳ᠋ᠤᠭᠠᠷ ᠰᠠᠷ᠎ᠠ ᠶᠢᠨ ᠰᠡᠭᠦᠯᠴᠢ ᠪᠠᠷ ᠡᠭᠡ ᠶᠢ ᠨᠢ ᠲᠠᠭᠠᠭᠤᠯᠵᠤ ᠬᠠᠷᠢᠭᠤᠯᠤᠨ᠂ 9 ᠳ᠋ᠤᠭᠡᠷ ᠰᠠᠷ᠎ᠠ ᠶᠢᠨ ᠲᠤᠮᠳᠠᠴᠢ ᠠᠴᠠ ᠡᠭᠡ ᠲᠥᠯ ᠢ ᠰᠦᠷᠦᠭ ᠰᠠᠯᠠᠭᠠᠨ | ᠬᠠᠷᠢᠭᠤᠯᠵᠤ᠂ ᠲᠦᠭᠦᠷᠡᠩ ᠲᠤᠰᠤᠨ ᠲᠠᠷᠭᠤ ᠠᠪᠬᠤ ᠳᠤ ᠨᠥᠭᠦᠴᠡᠯ ᠪᠥᠷᠢᠯᠳᠦᠭᠦᠯᠵᠦ ᠥᠭᠬᠦᠪᠡᠯ ᠵᠣᠬᠢᠨ᠎ᠠ᠃ ᠰᠠᠶᠢᠨ ᠡᠭᠦᠯᠳᠡᠷ ᠤᠨ ᠬᠤᠴᠠ ᠤᠬᠤᠨ᠎ᠠ ᠳᠤ | 8 ᠳ᠋ᠤᠭᠠᠷ ᠰᠠᠷ᠎ᠠ ᠠᠴᠠ ᠡᠬᠢᠯᠡᠵᠦ᠂ ᠵᠣᠬᠢᠰᠲᠠᠢ ᠲᠡᠵᠢᠭᠡᠯ ᠪᠣᠷᠳᠤᠭ᠎ᠠ ᠨᠠᠮᠠᠷᠢᠯᠠᠵᠤ᠂ 10 ᠳ᠋ᠤᠭᠠᠷ ᠰᠠᠷ᠎ᠠ ᠳᠤ ᠬᠡᠬᠡᠯᠳᠤᠬᠦᠯᠭᠡ ᠬᠢᠬᠦ ᠳᠤ ᠪᠡᠯᠡᠳᠭᠡᠯ ᠬᠢᠪᠡᠯ | ᠵᠣᠬᠢᠨ᠎ᠠ᠃ | 3. ᠬᠠᠷᠢᠭᠤᠯᠭ᠎ᠠ ᠬᠢᠬᠡᠳ ᠠᠷᠠᠴᠢᠯᠠᠭ᠎ᠠ ᠮᠠᠯᠯᠠᠭ᠎ᠠ ᠪᠠᠨ ᠴᠢᠩᠭᠠᠳᠬᠠᠬᠤ ᠬᠡᠷᠡᠭᠲᠡᠢ᠃ ᠵᠣᠨ ᠨᠠᠮᠦᠷ ᠤᠨ ᠬᠠᠯᠠᠭᠤᠨ ᠤ ᠦᠶ᠎ᠡ ᠳᠤ ᠪᠣᠭ ᠮᠠᠯ ᠢ ᠦᠳᠡ | ᠶᠢᠨ ᠭᠤᠣᠯ ᠳᠤ ᠬᠤᠳᠠᠯᠠᠭᠤᠯᠵᠤ ᠠᠮᠠᠷᠠᠭᠤᠯᠬᠤ ᠪᠤᠶᠣ ᠠᠭᠤᠯᠠᠨ ᠣᠷᠣᠢ ᠬᠢᠷ᠎ᠡ ᠪᠠᠷ ᠰᠡᠷᠢᠭᠦᠴᠠᠭᠦᠯᠤᠨ ᠠᠮᠠᠷᠠᠭᠤᠯᠵᠤ᠂ ᠥᠷᠯᠦᠭᠡ ᠦᠲᠡ ᠳᠤ ᠬᠤᠶᠠᠷ | ᠤᠳᠠᠭ᠎ᠠ ᠬᠤᠳᠳᠤᠭ ᠤᠨ ᠤᠰᠤ ᠪᠤᠶᠤ ᠭᠤᠤᠯ ᠤᠨ ᠴᠡᠪᠡᠷ ᠤᠰᠤ ᠪᠠᠷ ᠬᠠᠨᠤᠳᠠᠯ᠎ᠠ ᠨᠢ ᠤᠰᠤᠯᠠᠬᠤ ᠬᠡᠷᠡᠭᠲᠡᠢ᠃ ᠨᠠᠭᠤᠷ ᠤᠨ ᠤᠰᠤ ᠶᠢ ᠤᠤᠭᠤᠯᠭᠠᠵᠤ | ᠤᠭᠲᠤ ᠪᠤᠯᠬᠤ ᠦᠭᠡᠢ᠃ ᠢᠡᠭᠬᠢᠪᠡᠯ ᠳᠣᠲᠣᠷ ᠰᠢᠮᠡᠬᠦᠷ ᠬᠤᠷᠤᠬᠠᠢ ᠲᠠᠢ ᠪᠣᠯᠵᠣ ᠮᠠᠳᠡᠨ᠎ᠡ᠃ 10 — 20 ᠬᠤᠨᠤᠭ ᠲᠤ ᠨᠢᠭᠡ ᠤᠳᠠᠭ᠎ᠠ ᠬᠤᠵᠢᠷᠯᠡᠪᠡᠯ | ᠵᠣᠬᠢᠨ᠎ᠠ᠃ ᠦᠭᠡᠷ ᠠᠳᠣᠭᠤ ᠶᠢ ᠪᠣᠯ ᠠᠯᠢ ᠪᠣᠯᠬᠤ ᠪᠠᠷ ᠡᠳᠦᠷ ᠲᠤ ᠨᠢᠭᠡ ᠤᠳᠠᠭ᠎ᠠ ᠴᠣᠭᠯᠠᠭᠤᠯᠵᠤ ᠰᠠᠶᠢᠨ ᠤᠰᠤᠯᠠᠬᠤ ᠬᠡᠷᠡᠭᠲᠡᠢ᠃ | ᠡᠳᠦᠷ ᠤᠨ ᠰᠡᠷᠢᠭᠦᠨ ᠣᠷᠣᠬᠤ ᠶᠢ ᠲᠠᠭᠠᠯᠳᠣᠨ᠂ ᠡᠯ᠎ᠡ ᠲᠥᠷᠥᠯ ᠤᠨ ᠮᠠᠯ ᠤᠨ ᠪᠡᠯᠴᠢᠭᠡᠷᠯᠡᠬᠦ ᠴᠠᠭ ᠢ ᠨᠢ ᠵᠣᠬᠢᠰᠲᠠᠢ ᠤᠷᠳᠤᠳᠬᠠᠨ᠂ ᠲᠤᠭᠳᠠᠭᠤᠨ | ᠪᠡᠯᠴᠢᠭᠡᠷᠯᠡᠭᠦᠯᠵᠦ ᠰᠢᠷᠦᠭᠦᠨ ᠲᠤᠭᠤᠵᠤ ᠬᠥᠭᠡᠭᠡᠬᠦ ᠶᠢ ᠡᠷᠡᠰ ᠴᠡᠭᠡᠷᠯᠡᠬᠦ ᠬᠡᠷᠡᠭᠲᠡᠢ ᠪᠥᠭᠡᠳ ᠰᠠᠶᠢᠨ ᠪᠡᠯᠴᠢᠭᠡᠷ ᠢ ᠰᠤᠩᠭᠤᠨ᠂ ᠠᠳᠠᠯᠢ ᠪᠣᠰᠣ ᠪᠡᠯᠴᠢᠭᠡᠷ ᠲᠤ | ᠡᠭᠡᠯᠵᠢᠯᠡᠬᠦᠯᠦᠨ ᠬᠠᠷᠢᠭᠤᠯᠪᠠᠯ ᠵᠣᠬᠢᠨ᠎ᠠ᠃ ᠡᠭᠦᠨ ᠤ ᠬᠠᠮᠲᠤ ᠪᠠᠰᠠ ᠴᠠᠭ ᠲᠠᠷᠦᠢ ᠳᠤᠨᠢ ᠡᠮᠳᠤ ᠣᠬᠢᠶᠠᠯᠭ᠎ᠠ ᠬᠢᠬᠦ᠂ ᠳᠣᠲᠣᠷ ᠰᠢᠮᠡᠭᠦᠷ ᠬᠤᠷᠣᠬᠠᠢ ᠶᠢ ᠨᠢ | ᠲᠠᠭᠤᠬᠤ᠂ ᠡᠪᠡᠳᠴᠢᠨ ᠭᠡᠮ ᠢ ᠨᠢ ᠵᠠᠰᠠᠵᠦ ᠡᠳᠡᠭᠡᠷᠡᠭᠦᠯᠬᠦ᠂ ᠰᠡᠷᠭᠡᠶᠢᠯᠡᠯᠲᠡ ᠶᠢᠨ ᠲᠠᠷᠢᠯᠭ᠎ᠠ ᠲᠠᠷᠢᠬᠤ ᠠᠵᠢᠯ ᠢ ᠨᠢᠮᠪᠡᠢ ᠰᠠᠶᠢᠨ ᠬᠢᠬᠦ ᠬᠡᠷᠡᠭᠲᠡᠢ᠃ | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |