ᠳᠡᠳ᠋ ᠡᠷᠬᠢᠯᠡᠭᠴᠢ᠄ ᠹᠠᠨ ᠺᠦᠨ
ᠨᠡᠶᠢᠲᠡᠯᠡᠭᠰᠡᠨ ᠴᠠᠭ᠄
2024/11/4
W020210721495926289146.jpg
      ᠲᠤᠰᠢᠶᠠᠯ᠄ ᠦᠦᠰᠢᠨ ᠬᠤᠰᠢᠭᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠬᠦᠨ᠂ ᠳᠡᠳ᠋ ᠡᠷᠬᠢᠯᠡᠭᠴᠢ       ᠠᠵᠢᠯ ᠤᠨ ᠬᠤᠪᠢᠶᠠᠷᠢᠯᠠᠯ᠄ ᠡᠷᠬᠢᠯᠡᠭᠴᠢ ᠶᠢ ᠬᠠᠪᠰᠣᠷᠤᠨ ᠰᠣᠩᠭᠤᠭᠤᠯᠢ ᠲᠣᠮᠢᠯᠠᠵᠤ ᠪᠠᠭᠤᠯᠭᠠᠬᠤ ᠶᠢ ᠬᠠᠷᠢᠯᠴᠠᠬᠤ ᠠᠵᠢᠯ ᠤᠨ ᠵᠥᠪᠯᠡᠯ᠂ ᠦᠨᠳᠦᠰᠦᠲᠡᠨ ᠤ ᠬᠠᠤᠯᠢ ᠳᠦᠷᠢᠮ ᠤᠨ ᠠᠵᠢᠯ ᠤᠨ ᠵᠥᠪᠯᠡᠯ ᠢ ᠬᠤᠪᠢᠶᠠᠷᠢᠯᠠᠨ ᠬᠠᠷᠢᠭᠤᠴᠠᠨ᠎ᠠ᠃ ᠰᠦᠯᠳᠡ ᠰᠤᠮᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠤᠯᠠᠭᠠᠨᠲᠣᠯᠤᠭᠠᠢ ᠪᠠᠯᠭᠠᠰᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠨᠠᠮ ᠤᠯᠠᠨ ᠲᠦᠮᠡᠨ ᠤ ᠪᠦᠯᠬᠦᠮ᠂ ᠬᠢᠨᠠᠨ ᠪᠠᠶᠢᠴᠠᠭᠠᠬᠤ ᠵᠦᠪᠯᠡᠯ᠂ ᠳᠣᠲᠣᠭᠠᠳᠤ ᠶᠢ ᠬᠠᠮᠠᠭᠠᠯᠠᠬᠤ ᠪᠠᠶᠢᠴᠠᠭᠠᠬᠤ ᠰᠢᠬᠦᠬᠦ ᠬᠠᠤᠯᠢ ᠴᠠᠭᠠᠵᠠ᠂ ᠵᠠᠬᠢᠳᠠᠯ ᠰᠣᠷᠪᠤᠯᠵᠢᠯᠠᠯ᠂ ᠦᠨᠳᠦᠰᠦᠲᠡᠨ ᠱᠠᠰᠢᠨ ᠰᠤᠷᠲᠠᠬᠤᠨ᠂ ᠵᠠᠮ ᠬᠠᠷᠢᠯᠴᠠᠭ᠎ᠠ ᠵᠡᠷᠭᠡ ᠠᠵᠢᠯ ᠢ ᠬᠠᠷᠢᠯᠴᠠᠨ᠎ᠠ᠃      ᠲᠣᠪᠴᠢ ᠨᠠᠮᠲᠠᠷ᠄ ᠹᠠᠨ ᠺᠦᠨ᠂ ᠡᠷᠡᠭᠲᠡᠢ᠂ ᠬᠢᠲᠠᠳ ᠦᠨᠳᠦᠰᠦᠲᠡᠨ᠂ 1969 ᠣᠨ ᠤ 12 ᠰᠠᠷ᠎ᠠ ᠳᠤ ᠲᠦᠷᠦᠪᠡ᠂ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ᠂ 1991 ᠣᠨ ᠤ 11 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠵᠤ᠂ 1988 ᠣᠨ ᠤ 7 ᠰᠠᠷ᠎ᠠ ᠳᠤ ᠠᠵᠢᠯ ᠳᠤ ᠣᠷᠣᠵᠠᠢ᠃ ᠤᠳᠤ ᠦᠦᠰᠢᠨ ᠬᠤᠰᠢᠭᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠬᠦᠨ᠂ ᠳᠡᠳ᠋ ᠡᠷᠬᠢᠯᠡᠭᠴᠢ ᠶᠢᠨ ᠲᠤᠰᠢᠶᠠᠯ ᠢ ᠡᠭᠦᠷᠭᠡᠯᠡᠵᠤ ᠪᠤᠢ︔      1985.09 ︱1988.07 ᠥᠪᠥᠷ ᠮᠣᠩᠭᠤᠯ ᠤᠨ ᠶᠡᠭᠡ ᠵᠤᠤ ᠠᠶᠢᠮᠠᠭ ᠤᠨ ᠪᠠᠭᠰᠢ ᠶᠢᠨ ᠰᠤᠷᠭᠠᠭᠤᠯᠢ ᠶᠢᠨ ᠡᠩ ᠤᠨ ᠪᠠᠭᠰᠢ ᠶᠢᠨ ᠲᠤᠰᠬᠠᠢ ᠮᠡᠷᠭᠡᠵᠢᠯ ᠤᠨ ᠪᠡᠶ᠎ᠡ ᠲᠠᠮᠢᠷ ᠤᠨ ᠠᠩᠭᠢ ᠳᠤ ᠰᠤᠷᠤᠯᠴᠠᠪᠠ︔       1988.07 ︱1989.09 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠳᠤ ᠪᠠᠭᠰᠢᠯᠠᠪᠠ︔       1989.09 ︱ 1993.05 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠬᠤᠶᠠᠳᠤᠭᠠᠷ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠪᠠᠭᠰᠢ ᠪᠠᠷ ᠠᠵᠢᠯᠯᠠᠵᠤ ᠪᠠᠶᠢᠪᠠ︔       1993.05 ︱ 1995.11 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠠᠯᠪᠠᠨ ᠪᠠᠶᠢᠭᠤᠯᠭ᠎ᠠ ᠶᠢᠨ ᠨᠠᠮ ᠤᠨ ᠬᠤᠷᠢᠶᠠᠨ ᠤ ᠨᠠᠷᠢᠨ ᠪᠢᠴᠢᠭᠡᠴᠢ ᠪᠠᠷ ᠠᠵᠢᠯᠯᠠᠵᠤ ᠪᠠᠶᠢᠪᠠ ︵1990.07 ︱ 199 3.06 ᠥᠪᠥᠷ ᠮᠣᠩᠭᠤᠯ ᠤᠨ ᠶᠡᠭᠡ ᠵᠤᠤ ᠠᠶᠢᠮᠠᠭ ᠤᠨ ᠰᠤᠷᠭᠠᠨ ᠬᠥᠮᠦᠵᠢᠯ ᠤᠨ ᠳᠡᠭᠡᠳᠦ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠬᠢᠲᠠᠳ ᠬᠡᠯᠡ ᠤᠳᠬ᠎ᠠ ᠵᠣᠬᠢᠶᠠᠯ ᠤᠨ ᠲᠤᠰᠬᠠᠢ ᠮᠡᠷᠭᠡᠵᠢᠯ ᠤᠨ ᠠᠩᠭᠢ ᠳᠤ ᠰᠤᠷᠤᠯᠴᠠᠪᠠ︶︔       1995.11 ︱ 1999.02 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠤᠤᠯ ᠤᠨ ᠬᠤᠯᠪᠤᠭᠠᠯᠵᠢ ᠰᠢᠶᠠᠩ ᠤᠨ ᠨᠠᠮ ᠤᠨ ᠬᠤᠷᠢᠶᠠᠨ ᠤ ᠭᠡᠰᠢᠭᠦᠨ ᠨᠡᠶᠢᠭᠡᠮ ᠤᠨ ᠠᠮᠤᠷ ᠢ ᠶᠡᠷᠦᠩᠬᠡᠶᠢᠯᠡᠨ ᠬᠠᠮᠠᠭᠠᠯᠠᠬᠤ ᠳᠡᠳ᠋ ᠱᠦᠵᠢ ᠶᠢᠨ ᠲᠤᠰᠢᠶᠠᠯ ᠢ ᠡᠭᠦᠷᠭᠡᠯᠡᠵᠤ ︵ᠳᠡᠳ᠋ ᠰᠠᠯᠠᠭᠠᠨ ᠳᠡᠰ︶᠂ ᠤᠷᠢᠳ ᠬᠤᠵᠢᠳ ᠲᠣᠮᠢᠯᠠᠭᠰᠠᠨ ᠰᠠᠯᠪᠤᠷᠢ ᠶᠢᠨ ᠵᠢᠭᠠᠨ ᠵᠢᠯᠣᠭᠤᠳᠤᠭᠴᠢ᠂ ᠰᠠᠯᠪᠤᠷᠢ ᠶᠢᠨ ᠳᠠᠷᠤᠭ᠎ᠠ ᠶᠢᠨ ᠲᠤᠰᠢᠶᠠᠯ ᠢ ᠬᠠᠪᠰᠤᠷᠭᠠᠨ ᠡᠭᠦᠷᠭᠡᠯᠡᠪᠡ︔       1999.02 ︱2002.09 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠤᠤᠯ ᠤᠨ ᠤᠷᠢᠳᠤᠪᠡᠶ᠎ᠡ ᠰᠢᠶᠠᠩ ᠤᠨ ᠨᠠᠮ ᠤᠨ ᠬᠤᠷᠢᠶᠠᠨ ᠤ ᠭᠡᠰᠢᠭᠦᠨ᠂ ᠳᠡᠳ᠋ ᠱᠦᠵᠢ ᠶᠢᠨ ᠲᠤᠰᠢᠶᠠᠯ ᠢ ᠡᠭᠦᠷᠭᠡᠯᠡᠵᠤ ᠪᠠᠶᠢᠪᠠ︔ ︵1998.08 ︱2000.12 ᠲᠥᠪ ᠤᠨ ᠨᠠᠮ ᠤᠨ ᠰᠤᠷᠭᠠᠭᠤᠯᠢ ᠶᠢᠨ ᠵᠠᠬᠢᠳᠠᠯ ᠢᠶᠠᠷ ᠰᠤᠷᠤᠯᠴᠠᠬᠤ ᠳᠡᠭᠡᠳᠦ ᠰᠤᠷᠭᠠᠭᠤᠯᠢ ᠶᠢᠨ ᠠᠵᠤ ᠠᠬᠤᠢ ᠶᠢᠨ ᠬᠠᠮᠢᠶᠠᠷᠤᠯᠲᠠ ᠶᠢᠨ ᠲᠤᠰᠬᠠᠢ ᠮᠡᠷᠭᠡᠵᠢᠯ ᠤᠨ ᠵᠢᠩᠬᠢᠨᠢ ᠠᠩᠭᠢ ᠳᠤ ᠰᠤᠷᠤᠯᠴᠠᠪᠠ︶︔      2002.09 ︱ 2004.03 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠤᠤᠯ ᠤᠨ ᠤᠷᠢᠳᠤᠪᠡᠶ᠎ᠡ ᠰᠢᠶᠠᠩ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠡᠷᠢᠭᠦᠯᠡᠭᠴᠢ  ᠪᠠ ᠳᠡᠳ᠋ ᠱᠦᠵᠢ ︵ᠵᠢᠩᠬᠢᠨᠢ ᠰᠠᠯᠠᠭᠠᠨ ᠳᠡᠰ︶  ᠶᠢᠨ ᠲᠤᠰᠢᠶᠠᠯ ᠢ ᠡᠭᠦᠷᠭᠡᠯᠡᠵᠤ ᠪᠠᠶᠢᠪᠠ︔      2004.03 ︱ 2005.10 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠤᠤᠯ ᠤᠨ ᠤᠷᠢᠳᠤᠪᠡᠶ᠎ᠡ ᠰᠢᠶᠠᠩ ᠤᠨ ᠳᠡᠳ᠋ ᠳᠠᠷᠤᠭ᠎ᠠ᠂ ᠣᠷᠣᠯᠠᠭᠴᠢ ᠰᠢᠶᠠᠩ ᠤᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠤ ᠪᠠᠶᠢᠪᠠ︔       2005.10 ︱ 2010.12 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠰᠢᠷᠬᠤᠰᠤᠨ ᠪᠠᠯᠭᠠᠰᠤᠨ ᠤ ᠨᠠᠮ ᠤᠨ ᠬᠤᠷᠢᠶᠠᠨ ᠤ ᠭᠡᠰᠢᠭᠦᠨ᠂ ᠳᠡᠳ᠋ ᠱᠦᠵᠢ᠂ ᠵᠠᠰᠠᠭ ᠤᠨ ᠣᠷᠳᠣᠨ ᠤ ᠪᠠᠯᠭᠠᠰᠤᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠤ ᠪᠠᠶᠢᠪᠠ︔       2010.12 ︱ 2011.05 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠰᠢᠷᠬᠤᠰᠤᠨ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠢ ᠡᠭᠦᠷᠭᠡᠯᠡᠵᠤ ᠪᠠᠶᠢᠪᠠ︔       2011.05 ︱ 2012. 12 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠳᠠ ᠶᠢᠨ ᠦᠦᠰᠢᠨ ᠬᠤᠰᠢᠭᠤᠨ ᠤ ᠰᠢᠷᠬᠤᠰᠤᠨ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠢ ᠡᠭᠦᠷᠭᠡᠯᠡᠬᠦ ᠶᠢᠨ ᠬᠠᠮᠲᠤ ᠨᠠᠷᠢᠠᠭᠤᠤᠯ ᠠᠭᠤᠷᠬᠠᠢ ᠶᠢᠨ ᠣᠷᠣᠨ ᠤ ᠬᠠᠮᠢᠶᠠᠷᠤᠯᠲᠠ ᠶᠢᠨ ᠲᠥᠪ ᠤᠨ ᠨᠠᠮ ᠤᠨ ᠠᠵᠢᠯᠯᠠᠬᠤ ᠬᠤᠷᠢᠶᠠᠨ ᠤ ᠱᠦᠵᠢ ᠶᠢᠨ ᠲᠤᠰᠢᠶᠠᠯ ᠢ ᠬᠠᠪᠰᠤᠷᠭᠠᠨ ᠡᠭᠦᠷᠭᠡᠯᠡᠵᠤ ᠪᠠᠶᠢᠪᠠ︔       2012.12 ︱2019.01 ᠦᠦᠰᠢᠨ ᠬᠤᠰᠢᠭᠤᠨ ᠤ ᠤᠢ ᠰᠢᠭᠤᠢ ᠶᠢᠨ ᠲᠣᠪᠴᠢᠶᠠᠨ ᠤ ᠤᠢ ᠰᠢᠭᠤᠢ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠺᠣᠮᠢᠰᠰᠠᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠦᠰᠢᠨ ᠬᠤᠰᠢᠭᠤᠨ ᠤ ᠤᠢ ᠰᠢᠭᠤᠢ ᠶᠢᠨ ᠲᠣᠪᠴᠢᠶᠠᠨ ᠤ ᠳᠠᠷᠤᠭ᠎ᠠ ︵ᠡᠨᠡ ᠬᠤᠭᠤᠴᠠᠭᠠᠨ ᠳᠤ᠄ 2014. 09 ︱ 2014. 12 ᠣᠷᠳᠣᠰ ᠬᠤᠳᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠳᠤ ᠠᠷᠪᠠᠨ ᠲᠠᠪᠤᠳᠤᠭᠠᠷ ᠬᠤᠭᠤᠴᠠᠭᠠᠨ ᠤ ᠢᠳᠡᠷ ᠵᠠᠯᠠᠭᠤ ᠺᠠᠳ᠋ᠷᠴᠤᠳ ᠤᠨ ᠪᠣᠯᠪᠠᠰᠤᠷᠠᠯ ᠤᠨ ᠠᠩᠭᠢ ᠳᠤ ᠰᠤᠷᠤᠯᠴᠠᠵᠤ᠂ 2015. 01 ᠳᠡᠳ᠋ ᠭᠠᠵᠠᠷ ᠤᠨ ᠲᠡᠰ ᠤᠨ ᠲᠤᠰᠢᠶᠠᠯ ᠳᠤ ᠳᠡᠪᠰᠢᠪᠡ︶︔       2019.01 ︱ 2019.06 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠦᠰᠢᠨ ᠬᠤᠰᠢᠭᠤᠨ ᠤ ᠤᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠤ ᠪᠠᠶᠢᠪᠠ︔        2019.06 ︱ 2021.06 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠦᠰᠢᠨ ᠬᠤᠰᠢᠭᠤᠨ ᠤ ᠤᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶᠠᠨ ᠤ ᠳᠠᠷᠤᠭ᠎ᠠ᠂ ᠳᠥᠷᠪᠡᠳᠦᠭᠡᠷ ᠳᠡᠰ ᠤᠨ ᠪᠠᠶᠢᠴᠠᠭᠠᠨ ᠰᠤᠳᠤᠯᠤᠭᠴᠢ ᠶᠢᠨ ᠲᠤᠰᠢᠶᠠᠯ ᠢ ᠡᠭᠦᠷᠭᠡᠯᠡᠵᠤ ᠪᠠᠶᠢᠪᠠ︔       2021.06 ︱2022.01 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠦᠰᠢᠨ ᠬᠤᠰᠢᠭᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ  ᠭᠡᠰᠢᠬᠦᠨ᠂ ᠳᠡᠳ᠋ ᠡᠷᠬᠢᠯᠡᠭᠴᠢ ᠶᠢᠨ ᠨᠡᠷ᠎ᠡ ᠳᠤᠷᠠᠳᠤᠭᠳᠠᠬᠰᠠᠨ ᠵᠢᠱᠢᠭᠳᠡᠭᠴᠢ ᠶᠢᠨ ᠲᠤᠰᠢᠶᠠᠯ ᠢ ᠡᠭᠦᠷᠭᠡᠯᠡᠵᠤ ᠪᠠᠶᠢᠪᠠ︔       2022.01 ︱ᠡᠳᠦᠭᠡ ᠪᠣᠯᠲᠠᠯ᠎ᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠦᠰᠢᠨ ᠬᠤᠰᠢᠭᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ  ᠭᠡᠰᠢᠬᠦᠨ᠂  ᠳᠡᠳ᠋ ᠡᠷᠬᠢᠯᠡᠭᠴᠢ ᠶᠢᠨ ᠲᠤᠰᠢᠶᠠᠯ ᠢ ᠡᠭᠦᠷᠭᠡᠯᠡᠵᠤ ᠪᠤᠢ᠃
ᠢᠷᠡᠯᠲᠡ᠄ ᠬᠤᠰᠢᠭᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ