ᠣᠶᠢᠷ᠎ᠠ ᠶᠢᠨ ᠡᠳᠦᠷ᠂ ᠲᠤᠭ ᠪᠠᠯᠭᠠᠰᠣᠨ ᠤ ᠮᠡᠶᠢᠷᠡᠨᠰᠦ᠋ᠮ᠎ᠡ ᠭᠠᠴᠠᠭ᠎ᠠ ︽ᠨᠠᠮ ᠢᠶᠠᠨ ᠬᠦᠷᠢᠶᠡᠯᠡᠨ ᠲᠠᠭᠠᠵᠣ ᠰᠢᠨ᠎ᠡ ᠠᠶᠠᠨ ᠳᠤ ᠡᠷᠡᠯᠬᠡᠭᠯᠡᠨ | ᠣᠷᠣᠭᠰᠢᠯᠠᠵᠣ ᠣᠮᠠᠷᠠᠲᠣ ᠬᠢᠯᠢ ᠶᠢᠨ ᠡᠮᠡᠭᠲᠡᠶᠢᠴᠦᠳ ᠰᠢᠨ᠎ᠡ ᠴᠠᠭ ᠦᠶ᠎ᠡ ᠳᠤ ᠭᠠᠪᠢᠶ᠎ᠠ ᠪᠠᠶᠢᠭᠤᠯᠬᠤ︾ ᠰᠡᠲᠣᠪᠲᠣ 3 · 8 ᠤ ᠳᠡᠯᠡᠬᠡᠢ ᠶᠢᠨ ᠭᠥᠳᠡᠯᠮᠤᠷᠢᠴᠢᠨ | ᠡᠮᠡᠭᠲᠡᠶᠢᠴᠦᠳ ᠤᠨ ᠪᠠᠶᠠᠷ ᠤᠨ ᠡᠳᠦᠷ ᠢ ᠪᠡᠯᠭᠡᠯᠡᠬᠦ ᠠᠵᠢᠯᠯᠠᠭ᠎ᠠ ᠦᠷᠨᠢᠭᠦᠯᠦᠭᠰᠡᠨ ᠪᠠᠶᠢᠨ᠎ᠠ᠃ | ᠲᠤᠭ ᠪᠠᠯᠭᠠᠰᠣᠨ ᠤ ᠮᠡᠶᠢᠷᠡᠨᠰᠦ᠋ᠮ᠎ᠡ ᠭᠠᠴᠠᠭᠠᠨ ᠤ 7 ᠮᠠᠯᠵᠢᠯ ᠤᠨ ᠬᠤᠷᠰᠢᠶᠠᠨ ᠤ 200 ᠰᠢᠬᠠᠮ ᠡᠮᠡᠭᠲᠡᠶᠢᠴᠦᠳ ᠲᠣᠰ ᠣᠳᠠᠭᠠᠨ ᠤ ᠠᠵᠢᠯᠯᠠᠭᠠᠨ ᠳᠤ | ᠤᠷᠤᠯᠴᠠᠪᠠ᠃ ᠠᠵᠢᠯᠯᠠᠭᠠᠨ ᠲᠡᠭᠡᠷ᠎ᠡ ︽ᠦᠵᠡᠰᠭᠦᠯᠡᠩᠲᠣ ᠭᠡᠷ ᠪᠦᠯᠢ︾᠂ ︽ᠰᠠᠶᠢᠨ ᠡᠵᠢ︾᠂ ︽3 · 8 ᠤ ᠣᠯᠠᠭᠠᠨ ᠲᠤᠭᠴᠢ︾᠂ ︽ᠰᠠᠶᠢᠨ ᠪᠡᠷᠢ︾᠂ | ︽ᠪᠤᠯᠪᠠᠰᠤᠨ ᠡᠷᠦᠬᠡ︾᠂ ︽ᠠᠵᠢᠯᠴᠢ ᠬᠦᠳᠡᠯᠮᠦᠷᠢᠴᠢ ᠡᠷᠦᠬᠡ︾᠂ ︽ᠦᠵᠡᠰᠬᠦᠯᠡᠩᠲᠤ ᠭᠡᠷ ᠪᠦᠯᠢ︾ ᠵᠡᠷᠭᠡ ᠨᠡᠶᠢᠲᠡ 42 ᠬᠤᠪᠢ ᠭᠥᠮᠤᠨ ᠢ ᠱᠠᠩᠨᠠᠨ | ᠭᠥᠭᠢᠭᠦᠯᠵᠤ᠂ ᠦᠨᠳᠦᠷ ᠨᠠᠰᠣᠲᠠᠢ ᠡᠵᠢ ᠨᠠᠷ ᠲᠤ ᠪᠠᠨ ᠪᠠᠶᠠᠷ ᠤᠨ ᠡᠳᠦᠷ ᠤᠨ ᠮᠠᠨᠳᠦᠴᠢᠯᠡᠯ ᠲᠠᠪᠰᠢᠭᠦᠯᠭᠦ ᠶᠢᠨ ᠬᠠᠮᠲᠤ ᠡᠯ᠎ᠡ ᠮᠠᠯᠵᠢᠯ ᠤᠨ ᠬᠤᠷᠰᠢᠶᠠᠨ ᠤ | ᠤᠷᠠᠨ ᠰᠠᠶᠢᠬᠠᠨ ᠤ ᠲᠤᠭᠯᠠᠯᠲᠠ ᠶᠢᠨ ᠤᠷᠤᠯᠳᠤᠭᠠᠨ ᠢ ᠶᠠᠪᠤᠭᠳᠠᠭᠤᠯᠵᠤ ᠲᠣᠰ ᠲᠣᠰ ᠱᠠᠩᠨᠠᠨ ᠵᠤᠷᠢᠭᠵᠢᠭᠤᠯᠤᠭᠰᠠᠨ ᠪᠠᠶᠢᠨ᠎ᠠ᠃ ᠠᠵᠢᠯᠯᠠᠭᠠᠨ ᠲᠡᠭᠡᠷ᠎ᠡ ᠪᠠᠰᠠ | ᠱᠠᠭ᠎ᠠ ᠣᠷᠬᠢᠬᠤ᠂ ᠯᠠ ᠦᠯᠢᠶᠡᠬᠦ᠂ ᠫᠢᠩᠫᠠᠩ ᠪᠦᠮᠪᠦᠭᠡ ᠵᠦᠭᠡᠭᠡᠬᠦ ᠵᠡᠷᠭᠡ ᠪᠠᠶᠠᠯᠢᠭ ᠠᠭᠤᠯᠭ᠎ᠠ ᠲᠠᠢ ᠣᠷᠣᠯᠳᠣᠭᠠᠨ ᠢ ᠵᠣᠬᠢᠶᠠᠨ ᠪᠠᠶᠢᠭᠤᠯᠵᠤ ᠳᠠᠶᠠᠭᠠᠷ | ᠣᠯᠠᠨ ᠢᠶᠠᠨ ᠪᠠᠶᠠᠰᠬᠠᠭᠰᠠᠨ ᠪᠠᠶᠢᠨ᠎ᠠ᠃ | ᠲᠤᠰ ᠤᠳᠠᠭᠠᠨ ᠠᠵᠢᠯᠯᠠᠭ᠎ᠠ ᠨᠢ ᠰᠢᠨ᠎ᠡ ᠴᠠᠭ ᠦᠶ᠎ᠡ ᠶᠢᠨ ᠡᠮᠡᠭᠲᠡᠶᠢᠴᠦᠳ ᠤᠨ ᠤᠶᠤᠨ ᠤᠬᠠᠭᠠᠨ ᠭᠦᠴᠦᠨ ᠴᠢᠳᠠᠯ ᠢ ᠭᠦᠢᠴᠡᠳ ᠪᠠᠳᠠᠷᠠᠭᠤᠯᠤᠭᠰᠠᠨ | ᠢᠶᠠᠷ ᠪᠠᠷᠠᠬᠤ ᠥᠭᠡᠢ ᠦᠵᠡᠰᠭᠦᠯᠡᠩᠲᠣ ᠰᠠᠶᠢᠬᠠᠨ ᠭᠡᠷ ᠣᠷᠣᠨ ᠢᠶᠠᠨ ᠪᠦᠲᠦᠭᠡᠨ ᠪᠠᠶᠢᠭᠤᠯᠬᠤ ᠪᠠ ᠨᠣᠲᠤᠭ ᠣᠷᠣᠨ ᠤ ᠪᠠᠨ ᠬᠦᠭᠵᠢᠯᠲᠡ ᠳᠤ ᠥᠪᠠᠷ ᠤᠨ | ᠭᠥᠴᠤᠨ ᠴᠢᠳᠠᠯ ᠢᠶᠠᠨ ᠡᠷᠭᠦᠭᠦ ᠶᠢ ᠣᠷᠢᠶᠠᠯᠠᠭᠰᠠᠨ ᠪᠠᠶᠢᠨ᠎ᠠ᠃ | | ᠰᠣᠷᠪᠣᠯᠵᠢᠯᠠᠭᠴᠢ᠄ ᠷᠢᠸᠠᠳᠢ᠂ ᠲᠠᠨ᠎ᠠ |