ᠬᠤᠪᠢᠰᠬᠠᠯᠲᠤ ᠵᠣᠷᠢᠭ ᠢᠶᠠᠨ ᠤᠯᠠᠮᠵᠢᠯᠠᠭᠰᠠᠨ ᠮᠣᠷᠢᠲᠤ ᠠᠶᠠᠯᠠᠯ— ᠬᠥᠯᠥᠭ ᠤᠨ ᠨᠢᠷᠦᠭᠤᠨ ᠳᠤ ᠬᠤᠪᠢᠰᠬᠠᠯᠲᠤ ᠰᠤᠶᠣᠯ ᠢᠶᠠᠨ ᠤᠯᠠᠮᠵᠢᠯᠠᠨ᠎ᠠ
ᠨᠡᠶᠢᠲᠡᠯᠡᠭᠰᠡᠨ ᠴᠠᠭ᠄
2024/4/29
      ᠮᠣᠷᠢᠲᠤ ᠠᠶᠠᠯᠠᠯ ᠤᠨ ᠬᠤᠶᠠᠳᠤᠭᠠᠷ ᠡᠳᠦᠷ ᠤᠨ ᠦᠳᠡ ᠪᠣᠯᠬᠤ ᠳᠤ᠂ ᠱᠠᠨᠰᠢ ᠮᠣᠵᠢ ᠶᠢᠨ ᠵᠢᠩᠪᠢᠶᠡᠨ ᠰᠢᠶᠡᠨ ᠤ ᠬᠠᠢ ᠽᠧ ᠲᠠᠨ ᠪᠠᠯᠭᠠᠰᠤ ᠪᠠᠷ ᠥᠳᠡᠯᠡᠬᠦ ᠵᠠᠭᠤᠷ᠎ᠠ᠂ ᠲᠤᠰ ᠪᠠᠯᠭᠠᠰᠦ ᠶᠢᠨ ᠶᠢᠰᠦᠨ ᠵᠢᠯ ᠤᠨ ᠲᠥᠷᠢᠮᠲᠤ ᠰᠤᠷᠭᠠᠭᠤᠯᠢ ᠶᠢᠨ ᠬᠢᠨ ᠠᠯᠪᠠᠨ ᠵᠢᠷᠦᠮ ᠤᠨ ᠣᠶᠢᠵᠢᠭᠤᠯᠤᠯᠲᠠ ᠬᠢᠬᠡᠳ ᠪᠤᠴᠠᠵᠤ ᠪᠠᠶᠢᠬᠤ ᠲᠠᠢ ᠲᠠᠭᠠᠷᠠᠯᠳᠣᠵᠣ᠂ ᠪᠠᠭᠰᠢ ᠠᠵᠢᠯᠲᠠᠨ ᠲᠠᠢ ᠵᠣᠭᠤᠭ ᠲᠡᠯᠭᠡᠬᠦ ᠵᠠᠭᠤᠷ᠎ᠠ᠂ ᠳᠡᠳᠡ ᠮᠠᠨ ᠤ ᠠᠵᠢᠯᠯᠠᠭ᠎ᠠ ᠳᠤ ᠶᠡᠬᠡᠳᠡ ᠪᠠᠭ᠋ᠠᠷᠬᠠᠯ ᠲᠥᠷᠦᠵᠦ᠂ ᠪᠢᠳᠠᠨ  ᠲᠠᠢ ᠵᠥᠪᠳᠡᠯᠴᠠᠨ᠂ ᠰᠤᠷᠭᠠᠭᠤᠯᠢ ᠶᠢᠨ ᠰᠤᠷᠤᠭᠴᠢᠳ ᠲᠤ ᠨᠢᠭᠡᠨ ᠤᠳᠠᠭᠠᠨ ᠤ ︽ᠬᠢᠴᠢᠶᠡᠯ ᠤᠨ ᠭᠠᠳᠠᠨᠠᠬᠢ ᠬᠤᠪᠢᠰᠬᠠᠯᠲᠤ ᠰᠣᠶᠣᠯ ᠤᠨ ᠤᠶᠢᠯᠡᠳᠦᠯᠭᠡ ᠶᠢᠨ ᠬᠢᠴᠢᠶᠠᠯᠯᠡᠭᠡ︾ ᠶᠢ ᠲᠣᠬᠢᠷᠠᠭᠤᠯᠬᠤ ᠪᠠᠷ ᠰᠢᠢᠳᠴᠡᠢ᠃
10.jpg
      ᠤᠳᠠᠯ ᠦᠭᠡᠢ ᠰᠤᠷᠭᠠᠭᠤᠯᠢ ᠶᠢᠨ ᠵᠠᠬᠢᠷᠦᠯ ᠮᠠ ᠬᠤᠨᠭ᠌ ᠢᠤᠢ ᠶᠢᠨ ᠵᠣᠬᠢᠶᠠᠨ ᠪᠠᠶᠢᠭᠤᠯᠣᠯᠲᠠ ᠪᠠᠷ᠂ ᠭᠤᠷᠪᠠᠨ ᠠᠩᠬᠢ ᠶᠢᠨ ᠶᠡᠷᠡᠭᠡᠳ ᠰᠤᠷᠤᠭᠴᠢ ᠠᠬᠤᠢ ᠲᠠᠯᠠᠪᠡᠢ ᠳᠤ ᠬᠦᠷᠦᠯᠴᠡᠨ ᠢᠷᠡᠵᠦ᠂ ᠠᠶᠠᠯᠠᠯ ᠤᠨ ᠬᠡᠰᠢᠭᠦᠳ ᠠᠴᠠ ᠪᠠᠭᠰᠢ ᠰᠤᠷᠤᠭᠴᠢᠳ ᠲᠤ ᠦᠦᠰᠢᠨ ᠮᠠᠯᠴᠢᠳ ᠤᠨ ᠮᠠᠤ ᠲᠡᠷᠢᠭᠦᠯᠡᠭᠴᠢ ᠳᠤ ᠰᠢᠷᠭ᠎ᠠ ᠮᠣᠷᠢ ᠪᠡᠯᠡᠭᠯᠡᠭᠰᠡᠨ ᠤᠴᠢᠷ ᠶᠠᠪᠤᠳᠠᠯ᠂ ᠠᠬᠠᠮᠠᠳ ᠬᠤᠪᠢᠰᠬᠠᠯᠴᠢᠳ ᠤᠨ ᠲᠡᠰᠪᠦᠷᠢ ᠬᠠᠳᠠᠭᠤᠵᠢᠯᠲᠡᠢ ᠲᠡᠮᠡᠴᠡᠬᠦ ᠵᠣᠷᠢᠭ ᠰᠠᠨᠠᠭ᠎ᠠ᠂ ᠮᠣᠩᠭᠤᠯ ᠮᠣᠷᠢᠨ ᠤ ᠤᠨᠴᠠᠯᠢᠭ ᠰᠢᠨᠵᠢ ᠵᠡᠷᠭᠡ ᠪᠠᠶᠠᠯᠢᠭ ᠠᠭᠤᠯᠭ᠎ᠠ ᠪᠠᠷ ᠲᠠᠶᠢᠯᠪᠤᠷᠢᠯᠠᠨ ᠶᠠᠷᠢᠵᠦ᠂ ᠰᠠᠨᠠᠭᠠᠨ ᠳᠤ ᠦᠭᠡᠢ ᠡᠨᠡ ᠬᠦ ᠤᠴᠠᠷᠠᠯ᠂ ᠰᠠᠨᠠᠭᠠᠨ ᠠᠴᠠ ᠭᠠᠳᠠᠭᠤᠷ ᠨᠢᠭᠡᠨ ᠣᠳᠠᠭᠠᠨ ᠤ ᠬᠤᠪᠢᠰᠬᠠᠯᠲᠤ ᠰᠣᠶᠣᠯ ᠢᠶᠠᠨ ᠤᠯᠠᠮᠵᠢᠯᠠᠵᠤ᠂ ᠬᠤᠪᠢᠰᠬᠠᠯ ᠤᠨ ᠵᠣᠷᠢᠭ ᠰᠠᠨᠠᠭ᠎ᠠ ᠶᠢ ᠵᠠᠯᠭᠠᠮᠵᠢᠯᠠᠭᠰᠠᠨ᠂ ᠳᠤᠮᠳᠠᠳᠤ ᠶᠢᠨ ᠦᠨᠳᠦᠰᠦᠲᠡᠨ ᠤ ᠬᠠᠮᠲᠦ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ᠂ ᠦᠨᠳᠦᠰᠦᠳᠡᠨ ᠤ ᠪᠥᠯᠬᠦᠮᠳᠡᠯ ᠲᠠᠪᠰᠢᠯᠲᠠ ᠶᠢ ᠰᠣᠷᠳᠠᠯᠴᠢᠯᠠᠨ ᠲᠡᠯᠭᠡᠷᠡᠭᠦᠯᠦᠭᠰᠡᠨ ᠤᠳᠬ᠎ᠠ ᠲᠡᠭᠦᠯᠳᠡᠷ ᠠᠵᠢᠯᠯᠠᠭ᠎ᠠ ᠪᠣᠯᠵᠠᠢ᠃
11.jpg
      ᠵᠢᠩᠪᠢᠶᠡᠨ ᠰᠢᠶᠡᠨ ᠤ ᠬᠠᠢ ᠽᠧ ᠲᠠᠨ ᠪᠠᠯᠭᠠᠰᠦ ᠶᠢᠨ ᠶᠢᠰᠦᠨ ᠵᠢᠯ ᠤᠨ ᠲᠥᠷᠢᠮᠲᠤ ᠰᠤᠷᠭᠠᠭᠤᠯᠢ ᠶᠢᠨ ᠵᠠᠬᠢᠷᠦᠯ ᠮᠠ ᠬᠤᠨᠭ᠌ ᠢᠦᠢ᠄ ︽ᠪᠢᠳᠠ ᠮᠣᠳᠣ ᠲᠠᠷᠢᠵᠦ ᠪᠠᠶᠢᠬᠤ ᠳᠤ ᠰᠠᠨᠠᠭᠠᠨ ᠳᠤ ᠦᠭᠡᠢ ᠮᠣᠷᠢᠲᠤ ᠠᠩᠬᠢ ᠲᠠᠢ ᠲᠠᠭᠠᠷᠠᠯᠳᠤᠯ᠎ᠠ᠂ ᠮᠠᠨ ᠤ ᠠᠳᠡ ︿ᠰᠢᠶᠤᠤ ᠡᠾᠧ ᠶᠢᠨ ᠬᠤᠷᠠᠯᠳᠤᠭᠠᠨ ᠤ ᠬᠠᠭᠤᠴᠢᠨ ᠪᠠᠭᠤᠷᠢ﹀ ᠪᠠᠶᠢᠳᠠᠭ᠂ ᠪᠠᠰᠠ ᠰᠢᠷᠭ᠎ᠠ ᠮᠣᠷᠢᠨ ᠤ ᠱᠤᠭᠤᠮᠠᠯ ᠢ ᠲᠠᠨᠢᠵᠦ᠂ ᠦᠯᠢᠭᠡᠷ ᠲᠡᠤᠬᠡ ᠶᠢ ᠨᠢ ᠰᠠᠶᠢᠨ ᠮᠡᠳᠡᠳᠡᠭ᠃ ᠲᠡᠭᠡᠬᠦᠯᠡᠷ ︿ᠰᠢᠷᠭ᠎ᠠ ᠮᠣᠷᠢ ᠶᠠᠨ ᠠᠨ ᠢ ᠲᠠᠬᠢᠨ ᠴᠢᠭᠯᠡᠬᠦ﹀ ᠠᠵᠢᠯᠯᠠᠭ᠎ᠠ ᠨᠢ ᠮᠠᠨ ᠤ ᠰᠤᠷᠤᠭᠴᠢᠳ ᠲᠤ ᠲᠤᠩ ᠴᠢᠬᠤᠯᠠ ᠰᠤᠷᠭᠠᠨ ᠬᠦᠮᠦᠵᠢᠭᠦᠯᠬᠦ ᠠᠴᠢ ᠬᠤᠯᠪᠣᠭᠳᠠᠯ ᠲᠠᠢ᠃ ᠡᠭᠦᠪᠡᠷ ᠲᠠᠮᠵᠢᠵᠦ ᠮᠠᠨ ᠤ ᠪᠠᠭᠰᠢ ᠰᠤᠷᠤᠭᠴᠢᠳ ᠲᠤ ᠮᠠᠤ ᠲᠡᠷᠢᠬᠦᠯᠡᠭᠴᠢ ᠶᠢᠨ ᠱᠠᠨᠪᠸᠢ ᠣᠷᠣᠨ ᠢᠶᠠᠷ ᠠᠶᠠᠯᠠᠨ ᠪᠠᠶᠢᠯᠳᠤᠵᠦ ᠪᠠᠶᠢᠭᠰᠠᠨ ᠲᠡᠤᠬᠡ ᠶᠢᠨ ᠤᠶᠢᠯᠡ ᠤᠴᠢᠷ  ᠢ ᠨᠠᠷᠢᠨ ᠣᠶᠢᠯᠠᠭᠠᠭᠤᠯᠵᠤ᠂ ᠠᠬᠠᠮᠠᠳ ᠬᠤᠪᠢᠰᠬᠠᠯᠴᠢᠳ ᠤᠨ ᠬᠦᠴᠢᠷ ᠪᠡᠷᠬᠡᠰᠢᠶᠡᠯ ᠠᠴᠠ ᠠᠶᠤᠬᠤ ᠦᠭᠡᠢ ᠬᠤᠪᠢᠰᠬᠠᠯ ᠤᠨ ᠵᠣᠷᠢᠭ ᠰᠠᠨᠠᠭ᠎ᠠ ᠶᠢ ᠠᠮᠢᠳᠤᠷᠠᠯ ᠰᠤᠷᠤᠯᠴᠠᠯᠭ᠎ᠠ ᠳᠠᠭᠠᠨ ᠤᠶᠢᠯᠡᠳᠦᠯᠭᠡᠵᠢᠭᠦᠯᠬᠦ ᠶᠢ ᠲᠡᠶᠢᠴᠢᠯᠠᠯ᠎ᠠ︾ ᠭᠡᠵᠦ ᠶᠠᠷᠢᠨ᠎ᠠ᠃ ᠰᠤᠷᠤᠭᠴᠢ ᠱᠧᠨ ᠬᠤᠢ ᠶᠢᠨ᠄ ︽ᠣᠣᠯ ᠳᠠᠭᠠᠨ ᠡᠳᠡᠭᠡᠷ ᠲᠡᠣᠭᠡᠨ ᠤᠶᠢᠯᠡ ᠤᠴᠢᠷ ᠢ ᠪᠢᠳᠠ ᠵᠥᠪᠬᠡᠨ ᠬᠢᠴᠢᠶᠡᠯ ᠤᠨ ᠪᠢᠴᠢᠭ ᠠᠴᠠ ᠪᠠᠨ ᠦᠵᠡᠵᠦ ᠰᠣᠷᠣᠯᠴᠠᠵᠤ ᠪᠠᠶᠢᠭᠰᠠᠨ᠂ ᠰᠢᠷᠭ᠎ᠠ ᠮᠣᠷᠢᠨ ᠳᠤ ᠪᠢ ᠶᠡᠭᠡ ᠰᠣᠨᠢᠭᠤᠴᠢᠯᠠᠯ  ᠲᠠᠢ ᠪᠠᠶᠢᠭᠰᠠᠨ᠂ ᠥᠨᠥᠳᠥᠷ ᠮᠠᠰᠢ ᠠᠵᠠ ᠲᠠᠢ ᠪᠠᠷ ᠵᠢᠩᠬᠢᠨᠢ ᠰᠢᠷᠭ᠎ᠠ ᠮᠣᠷᠢ ᠶᠢ ᠣᠯᠵᠦ ᠦᠵᠡᠭᠰᠡᠨ᠂ ᠪᠠᠰᠠ ᠣᠯᠠᠨ ᠤᠶᠢᠯᠡ ᠤᠴᠢᠷ ᠢ ᠣᠶᠢᠯᠠᠭᠠᠵᠤ ᠮᠡᠳᠡᠭᠰᠡᠨ︾ ᠭᠡᠵᠦ ᠰᠤᠷᠪᠤᠯᠵᠢᠯᠠᠭᠴᠢ ᠳᠤ ᠤᠯᠵᠠᠷᠬᠠᠨ ᠶᠠᠷᠢᠨ᠎ᠠ᠃
12.jpg
      ᠠᠳᠡ ᠠᠴᠠ ᠬᠤᠶᠢᠰᠢ ᠠᠶᠠᠯᠠᠯ ᠤᠨ ᠪᠠᠭ ᠤᠨ ᠬᠢᠨ᠂ ᠤᠰᠤᠨ ᠵᠢᠷᠤᠭ᠎ᠠ ᠶᠢᠨ ᠰᠢᠨᠳᠠᠰᠤ ᠶᠢ ᠰᠤᠷᠢᠵᠦ᠂ ᠠᠶᠠᠨ ᠤ ᠵᠢᠯᠥᠭᠤ ᠪᠠᠨ ᠰᠤᠩᠭᠠᠵᠤ᠂ 307 ᠳ᠋ᠤᠭᠠᠷ ᠤᠯᠤᠰ ᠤᠨ ᠵᠠᠮ ᠢ ᠲᠠᠭᠠᠵᠤ᠂ ᠦᠳᠡᠰᠢ ᠰᠦᠨᠢ ᠪᠣᠯᠪᠠᠯ ᠭᠡᠬᠡᠷ᠎ᠡ ᠬᠥᠳᠡᠭᠡ ᠪᠠᠭᠤᠳᠠᠯᠯᠠᠵᠤ᠂ ᠣᠨᠤᠭ᠎ᠠ ᠮᠣᠷᠢ ᠪᠠᠨ ᠲᠣᠬᠢᠲᠠᠢ ᠠᠷᠠᠴᠢᠯᠠᠨ ᠲᠤᠳᠤᠮᠳᠠᠵᠤ ᠶᠠᠪᠤᠭᠰᠠᠨ ᠢᠶᠠᠨ ︽ᠲᠥᠳᠡᠯᠡᠬᠦ ᠭᠡᠳ ᠲᠥᠷᠪᠡ ᠬᠤᠨᠣᠵᠤ᠂ ᠠᠰᠠᠯᠠᠬᠤ ᠭᠡᠳ ᠠᠷᠪᠠ ᠬᠤᠨᠣᠨ᠎ᠠ︾ ᠭᠡᠭᠴᠢ ᠪᠠᠷ ᠴᠡᠷᠳᠡᠮᠡᠯ ᠵᠠᠮ ᠠᠴᠠ ᠪᠠᠨ ᠰᠠᠯᠵᠤ ᠲᠥᠳᠡᠯᠡᠬᠦ ᠭᠡᠵᠦ ᠶᠠᠪᠤᠵᠤ ᠪᠠᠶᠢᠭᠰᠠ ᠢᠶᠠᠨ ᠣᠢ ᠲᠣᠳᠣᠷ᠎ᠠ ᠲᠥᠭᠡᠷᠢᠵᠦ᠂ ᠪᠠᠷᠤᠭ ᠬᠤᠶᠠᠷ ᠴᠠᠭ ᠭᠠᠷᠦᠢ ᠡᠷᠬᠢᠯᠳᠤᠨ ᠲᠣᠭᠤᠷᠢᠨ ᠲᠥᠡᠭᠭᠡᠵᠦ ᠨᠢᠭᠡ ᠭᠠᠷᠴᠦ ᠢᠷᠡᠬᠦ ᠪᠠᠷ᠂ ᠠᠮᠢᠳᠤᠷᠠᠯ ᠤᠨ ᠪᠠᠳᠤᠯᠠᠭ᠎ᠠ ᠶᠢᠨ ᠳᠡᠭᠡᠭᠡᠪᠤᠷᠢ ᠶᠢᠨ ᠲᠡᠷᠭᠡ ᠨᠢ ᠴᠦ ᠰᠢᠪᠡᠷ ᠵᠠᠮ ᠳᠤ ᠰᠢᠬᠢᠳᠴᠦ᠂ ᠣᠯᠠᠨ ᠢᠶᠠᠷ ᠢᠶᠠᠨ ᠲᠦᠯᠬᠢᠵᠦ ᠳᠠᠲᠠᠬᠤ ᠶᠢᠨ ᠰᠠᠶᠢᠨ ᠢᠶᠠᠷ ᠰᠠᠶ᠋ᠢ ᠭᠠᠷᠴᠦ ᠢᠷᠡᠭᠰᠡᠨ ᠪᠢᠯᠡ᠃ ᠭᠤᠷᠪᠠᠳᠤᠭᠠᠷ ᠡᠳᠦᠷ ᠤᠨ ᠦᠳᠡ ᠶᠢᠨ ᠠᠯᠳᠠᠰ ᠢᠶᠠᠷ᠂ ᠵᠢᠩᠪᠢᠶᠡᠨ ᠰᠢᠶᠡᠨ ᠳᠤ ᠬᠦᠷᠴᠦ᠂ ᠯᠣ᠋ ᠡᠾᠧ ᠶᠢᠨ ᠬᠤᠷᠢᠭᠯᠠᠯᠲᠠ  ᠶᠢᠨ ᠪᠠᠶᠢᠯᠳᠤᠭᠠᠨ ᠤ ᠲᠤᠷᠠᠰᠬᠠᠯ ᠤᠨ ᠬᠦᠰᠢᠶ᠎ᠡ ᠪᠠᠷ ᠬᠦᠷᠴᠦ᠂ ᠲᠣᠭᠤᠷᠢᠨ ᠰᠤᠷᠤᠯᠴᠠᠭᠰᠠᠨ ᠤ ᠬᠠᠮᠲᠤ᠂ ᠦᠦᠰᠢᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠭᠡᠯᠳᠡᠰ ᠤᠨ ᠬᠢᠨ ᠠᠴᠠ ᠪᠠᠰᠠ ᠲᠤᠰᠬᠠᠶᠢᠯᠠᠨ ᠨᠠᠮ ᠤᠨ ᠰᠤᠷᠭᠠᠭᠤᠯᠢ ᠶᠢᠨ ᠪᠠᠭᠰᠢ ᠶᠢ ᠤᠷᠢᠵᠤ᠂ ᠠᠶᠠᠯᠠᠯ ᠤᠨ ᠬᠤᠭᠤᠴᠠᠭᠠᠨ ᠳᠤ᠂ ᠨᠠᠮ ᠤᠨ ᠲᠥᠪ ᠬᠤᠷᠢᠶ᠎ᠠ ᠱᠠᠨᠪᠸᠢ ᠣᠷᠣᠨ ᠢᠶᠠᠷ ᠠᠶᠠᠯᠠᠨ ᠪᠠᠶᠢᠯᠳᠤᠬᠤ ᠪᠠᠶᠢᠭᠰᠠᠨ ᠬᠤᠪᠢᠰᠬᠠᠯ ᠤᠨ ᠤᠶᠢᠯᠠ ᠤᠴᠢᠷ ᠪᠠ ᠵᠣᠷᠢᠭ ᠰᠠᠨᠠᠭ᠎ᠠ ᠶᠢ ᠨᠠᠷᠢᠨ ᠲᠠᠶᠢᠯᠪᠤᠷᠢᠯᠠᠵᠤ᠂ ᠠᠶᠠᠨ ᠤ ᠪᠥᠯᠬᠦᠮ ᠤᠨ ᠬᠢᠨ ᠰᠤᠷᠤᠯᠴᠠᠬᠤ ᠶᠢᠨ ᠲᠤᠮᠳᠠ ᠪᠠᠨ ᠠᠶᠠᠯᠠᠵᠤ᠂ ᠠᠶᠠᠯᠠᠬᠤ ᠶᠢᠨ ᠲᠠᠭᠠᠤ ᠪᠠᠰᠠ ᠬᠤᠪᠢᠰᠬᠠᠯ ᠤᠨ ᠵᠣᠷᠢᠭ ᠰᠠᠨᠠᠭ᠎ᠠ᠂ ᠦᠨᠳᠦᠰᠦᠳᠡᠨ  ᠤ ᠪᠥᠯᠬᠦᠮᠳᠡᠯ ᠲᠠᠪᠰᠢᠯᠲᠠ ᠶᠢᠨ ᠵᠣᠷᠢᠭ ᠰᠠᠨᠠᠭ᠎ᠠ ᠵᠡᠷᠭᠡ ᠶᠢ ᠬᠦᠷᠦᠭᠰᠡᠨ ᠭᠠᠵᠠᠷ ᠪᠣᠯᠭᠠᠨ ᠳᠤ ᠠᠮᠢᠳᠤᠯᠢᠭ ᠢᠶᠠᠷ ᠤᠬᠠᠭᠤᠯᠤᠨ᠂ ᠤᠴᠠᠷᠠᠭᠰᠠᠨ ᠪᠦᠬᠦᠨ ᠤ ᠰᠠᠶᠢᠨ ᠦᠨᠠᠯᠠᠯᠲᠠ ᠶᠢ ᠣᠯᠣᠭᠰᠠᠨ ᠪᠢᠯᠡ᠃
13.jpg
      ᠤᠰᠤᠨ ᠵᠢᠷᠤᠭ᠎ᠠ ᠶᠢᠨ ᠰᠢᠨᠳᠠᠰᠤ ᠶᠢ ᠰᠣᠷᠢᠵᠤ᠂ ᠣᠨᠣᠭᠰᠠᠨ ᠡᠵᠡᠨ ᠤ ᠵᠣᠷᠢᠭ ᠢ ᠰᠢᠯᠭᠠᠭᠰᠠᠨ ᠮᠣᠷᠢᠲᠤ ᠠᠶᠠᠯᠠᠯ ᠤᠨ ᠬᠢᠨ ᠲᠥᠷᠪᠡᠳᠦᠭᠡᠷ ᠡᠳᠦᠷ ᠤᠨ ᠦᠳᠡ ᠶᠢᠨ ᠡᠮᠦᠨ᠎ᠡ ᠵᠢᠩᠪᠢᠶᠡᠨ ᠰᠢᠶᠡᠨ ᠤ ᠰᠢᠶᠤᠤ ᠡᠾᠧ ᠪᠠᠯᠭᠠᠰᠤᠨ ᠤ ᠬᠠᠷᠢᠶ᠎ᠠ ᠪᠠᠷ᠂ ᠳᠡᠭᠰᠢ ᠳᠡᠷᠳᠡᠩ ᠵᠠᠮ ᠠᠴᠠ ᠪᠠᠨ ᠭᠠᠷᠴᠤ ᠠᠭᠤᠯᠠᠨ ᠵᠠᠮ ᠳᠤ ᠣᠷᠣᠯ᠎ᠠ᠃ ᠰᠠᠯᠬᠢ ᠰᠢᠭᠤᠷᠭ᠎ᠠ ᠶᠢ ᠰᠥᠷᠥᠨ᠂ ᠢᠪᠴᠦᠦ ᠪᠠᠴᠢᠮ ᠠᠭᠤᠯᠠ ᠤᠷᠢᠶᠠᠭᠰᠠᠨ ᠵᠠᠮ ᠢ ᠲᠠᠭᠠᠵᠤ᠂ ᠵᠠᠮ ᠢᠶᠠᠷ ᠵᠥᠷᠢᠯᠳᠦᠬᠦ ᠲᠡᠷᠭᠡ ᠮᠠᠰᠢᠨ ᠠᠴᠠ ᠤᠨᠴᠠ ᠬᠢᠴᠢᠶᠡᠨ ᠪᠣᠯᠭᠤᠮᠵᠢᠯᠠᠵᠤ ᠪᠠᠶᠢᠭᠰᠠᠨ ᠢᠶᠠᠨ ᠠᠶᠠᠯᠠᠯ ᠤᠨ ᠲᠤᠮᠳᠠᠬᠢ ᠬᠠᠮᠤᠭ ᠬᠦᠴᠢᠷ ᠲᠠᠪᠠᠭ᠎ᠠ ᠲᠠᠭᠠᠷᠠᠯᠳᠣᠵᠣ᠂ ᠦᠦᠰᠢᠨ ᠨᠣᠳᠤᠭ ᠤᠨ ᠮᠠᠩᠬᠠᠨ ᠪᠠᠯᠠᠷ ᠤᠨ ᠠᠳᠤᠭᠤ ᠡᠳᠦᠷ ᠲᠤᠵᠢ ᠠᠭᠤᠯᠠᠨ ᠵᠠᠮ ᠢᠶᠠᠷ ᠠᠶᠠᠯᠠᠨ ᠲᠤᠭᠤᠷᠠᠢ ᠶᠢᠨ ᠲᠠᠬ᠎ᠠ ᠡᠯᠡᠭᠳᠡᠵᠦ᠂ ᠥᠭᠰᠦᠵᠦ ᠣᠷᠣᠭᠤᠳᠠᠬᠤ ᠠᠭᠤᠯᠠᠨ ᠵᠠᠮ ᠢᠶᠠᠷ ᠬᠠᠶᠠ ᠬᠥᠳᠥᠯᠵᠦ᠂ ᠬᠠᠶᠠ ᠣᠨᠣᠨ᠂ ᠵᠠᠪᠰᠠᠷ ᠴᠢᠯᠥᠭᠡ ᠪᠠᠷ ᠢᠶᠠᠨ ᠪᠠᠰᠠ ᠮᠣᠷᠢᠨ ᠤ ᠲᠠᠬ᠎ᠠ ᠶᠢ ᠰᠣᠯᠢᠨ ᠪᠠᠶᠢᠵᠦ᠂ ᠨᠢᠭᠡ ᠯᠠ ᠵᠣᠷᠢᠭ ᠢᠶᠠᠷ ᠵᠢᠳᠬᠦᠭᠰᠡᠨ ᠤ ᠡᠴᠦᠰ  ᠲᠤ ᠤᠷᠢᠳᠴᠢᠯᠠᠨ ᠲᠥᠰᠥᠪᠯᠡᠭᠰᠡᠨ ᠴᠡᠭ ᠲᠤ ᠪᠠᠨ ᠠᠷᠠᠢ ᠶᠠᠳᠠᠨ ᠬᠦᠷᠴᠦ᠂ ᠣᠨᠤᠭ᠎ᠠ ᠮᠣᠷᠢ᠂ ᠣᠨᠣᠭᠰᠠᠨ ᠡᠵᠡᠳ᠂ ᠦᠳᠡᠰᠢ ᠶᠢᠨ ᠪᠦᠳᠡᠩᠬᠢ ᠰᠠᠷᠠᠨ ᠤ ᠲᠤᠶᠠᠭ᠎ᠠ ᠲᠠᠢ ᠬᠠᠨᠢᠯᠠᠨ ᠲᠤᠭ ᠨᠣᠶᠢᠷ ᠲᠠᠭᠠᠨ ᠤᠷᠤᠵᠠᠭᠠᠭᠰᠠᠨ ᠪᠢᠯᠠ᠃ ᠡᠮᠦᠨ᠎ᠡ ᠡᠳᠦᠷ ᠤᠨ ᠪᠡᠷᠭᠡ ᠪᠠᠷᠳᠠᠭ᠎ᠠ ᠶᠢ ᠵᠣᠷᠢᠭᠲᠠᠢ ᠲᠤᠭᠤᠯᠤᠭᠰᠠᠨ ᠤ ᠱᠠᠩ ᠬᠡᠮᠡᠷ ᠲᠠᠪᠤᠳᠤᠭᠠᠷ ᠡᠳᠦᠷ ᠤᠨ ᠥᠷᠯᠥᠭᠡ᠂ ᠰᠠᠯᠬᠢ ᠨᠠᠮᠲᠠᠨ ᠨᠠᠷᠠ ᠲᠣᠩᠭᠠᠯᠠᠭᠰᠢᠵᠦ᠂ ︽ᠰᠢᠶᠤᠤ ᠡᠾᠧ ᠶᠢᠨ ᠬᠤᠷᠠᠯᠳᠤᠭᠠᠨ ᠤ ᠬᠠᠭᠤᠴᠢᠨ ᠪᠠᠭᠤᠷᠢ ᠶᠢᠨ ᠠᠵᠢᠯᠳᠠᠳ ᠠᠶᠠᠯᠠᠯ ᠤᠨ ᠪᠥᠯᠬᠦᠮ ᠤᠨ ᠬᠢᠨ ᠢ ᠬᠦᠨᠳᠦᠳᠭᠡᠯ ᠪᠠᠭ᠋ᠠᠷᠬᠠᠯ ᠲᠠᠢ ᠣᠭᠳᠣᠨ ᠲᠤᠰᠴᠤ᠂ ᠬᠠᠮᠳᠤ ᠳᠠᠭᠠᠨ ᠣᠯᠣᠰ ᠤᠨ ᠲᠤᠭ ᠢᠶᠠᠨ ᠮᠠᠨᠳᠤᠭᠤᠯᠵᠤ᠂ ᠮᠠᠤ ᠲᠡᠷᠢᠭᠦᠯᠡᠭᠴᠢ ᠶᠢᠨ ᠠᠵᠢᠯᠯᠠᠵᠤ ᠪᠠᠶᠢᠭᠰᠠᠨ ᠬᠠᠭᠤᠴᠢᠨ ᠪᠠᠭᠤᠷᠢ᠂ ᠨᠠᠮ ᠤᠨ ᠲᠥᠪ ᠬᠤᠷᠢᠶᠠᠨ ᠤ ᠰᠢᠶᠤᠤ ᠡᠾᠧ ᠶᠢᠨ ᠲᠤᠷᠠᠰᠬᠠᠯ ᠤᠨ ᠣᠷᠳᠣᠨ ᠵᠡᠷᠭᠡ  ᠪᠠᠷ ᠲᠤᠭᠤᠷᠢᠨ ᠰᠤᠷᠤᠯᠴᠠᠵᠤ᠂ ᠬᠠᠯᠠᠭᠤᠨ ᠶᠡᠷᠢᠶ᠎ᠠ ᠥᠷᠨᠢᠭᠦᠯᠦᠨ᠂ ᠲᠤᠬᠠᠢ ᠶᠢᠨ ᠦᠶ᠎ᠡ ᠶᠢᠨ ᠬᠤᠪᠢᠰᠬᠠᠯᠲᠤ ᠲᠡᠮᠡᠴᠡᠯ ᠤᠨ ᠠᠬᠤᠢ ᠪᠠᠶᠢᠳᠠᠯ ᠢ ᠡᠷᠬᠢᠴᠠᠭᠦᠯᠦᠨ ᠰᠠᠨᠠᠭᠠᠯᠵᠠᠪᠠ᠃ ᠮᠠᠨ ᠤ ᠭᠠᠯ ᠠᠶᠠᠨ ᠤ ᠬᠢᠨ ᠴᠦ ᠡᠨᠡ ᠬᠦ ᠲᠤᠮᠳᠠᠳᠤ ᠤᠯᠤᠰ ᠤᠨ ᠴᠢᠯᠥᠭᠡᠯᠡᠬᠦ ᠲᠠᠶᠢᠯᠠᠯᠳᠤᠭᠠᠨ ᠤ ᠴᠢᠬᠤᠯᠠ ᠶᠡᠭᠡ ᠡᠷᠬᠢᠯᠲᠡ᠂ ᠲᠤᠮᠳᠠᠳᠤ ᠤᠯᠤᠰ ᠤᠨ ᠬᠤᠪᠢᠰᠬᠠᠯ ᠢ ᠪᠦᠬᠦ ᠤᠯᠤᠰ ᠲᠤ ᠲᠦᠯᠬᠢᠨ ᠠᠬᠢᠭᠤᠯᠬᠤ ᠳᠤ ᠴᠢᠬᠤᠯᠠ ᠶᠡᠭᠡ ᠪᠠᠶᠢᠯᠳᠤᠬᠤ ᠪᠣᠳᠣᠯᠭ᠎ᠠ ᠶᠢᠨ ᠠᠴᠢ ᠬᠤᠯᠪᠣᠭᠳᠠᠯ ᠲᠠᠢ ᠬᠤᠪᠢᠰᠬᠠᠯᠲᠤ ᠰᠤᠶᠤᠯ ᠤᠨ ᠬᠠᠯᠠᠭᠤᠨ ᠰᠢᠷᠦᠢ ᠠᠴᠠ ᠡᠷᠴᠢ ᠬᠦᠴᠦ ᠠᠪᠴᠦ᠂ ᠠᠶᠠᠨ ᠤ ᠲᠥᠷᠥᠭᠡ ᠪᠠᠨ ᠴᠢᠩᠭᠠᠯᠠᠯ᠎ᠠ᠃ ᠪᠥᠯᠬᠦᠮ ᠤᠨ ᠬᠡᠰᠢᠭᠦᠨ ᠠᠯᠳᠠᠷᠳᠤ ᠄ ︽ᠮᠢᠨᠤ ᠡᠪᠦᠭᠡ ᠠᠪᠤ ᠶᠢ ᠸᠡᠩᠴᠤᠭ ᠭᠡᠳᠡᠭ᠂ ᠡᠪᠦᠭᠡ ᠠᠪᠦ ᠮᠢᠨᠢ ᠳᠠᠷᠦᠢ ᠡᠨᠡ ᠭᠠᠵᠠᠷ ᠲᠤ ᠬᠤᠪᠢᠰᠬᠠᠯ ᠳᠤ ᠣᠷᠣᠯᠴᠠᠵᠤ᠂ ᠰᠢᠤᠳᠠᠨ ᠤ ᠠᠵᠢᠯ ᠬᠢᠵᠦ ᠪᠠᠶᠢᠭᠠᠳ ᠡᠨᠡ ᠭᠠᠵᠠᠷ ᠲᠤ ᠨᠠᠰᠤ ᠨᠥᠭᠴᠢᠭᠰᠡᠨ ᠭᠡᠳᠡᠭ᠂ ᠡᠨᠡ ᠤᠳᠠᠭ᠎ᠠ ᠪᠢ ᠦᠦᠰᠢᠨ ᠨᠣᠳᠤᠭ ᠠᠴᠠ ᠮᠣᠷᠢ ᠪᠠᠨ ᠣᠨᠣᠵᠤ ᠬᠤᠪᠢᠰᠬᠠᠯᠴᠢᠳ ᠤᠨ ᠤᠯᠠ ᠮᠥᠷ ᠢ ᠮᠥᠷᠳᠡᠨ ᠲᠠᠭᠠᠵᠤ᠂ ᠢᠡᠭᠬᠢᠵᠦ ᠰᠣᠷᠣᠯᠴᠠᠵᠤ ᠶᠠᠪᠤᠭᠰᠠᠨ ᠳᠠᠭᠠᠨ ᠦᠨᠡᠭᠡᠷ ᠶᠡᠭᠡ ᠳᠤᠭᠳᠤᠯᠵᠤ ᠪᠠᠶᠢᠨ᠎ᠠ᠂ ᠢᠳᠡᠭᠡᠯ ᠵᠣᠷᠢᠭ ᠢ ᠮᠢᠨᠢ ᠬᠥᠪᠴᠢᠯᠡᠭᠰᠡᠨ ᠲᠠᠶᠢᠴᠢᠨ ᠬᠤᠪᠢᠰᠬᠠᠯᠲᠤ ᠦᠯᠢᠭᠡᠷ ᠤᠴᠢᠷ ᠢᠶᠠᠷ ᠲᠤᠩ ᠶᠡᠭᠡ ᠵᠣᠷᠢᠭᠵᠢᠨ ᠤᠷᠮᠠᠰᠢᠵᠤ ᠪᠠᠶᠢᠨ᠎ᠠ︾ ᠭᠡᠵᠦ ᠪᠢᠳᠠᠨ ᠳᠤ ᠰᠡᠳᠬᠢᠯ ᠢᠶᠠᠨ ᠠᠭᠤᠳᠠᠯᠯᠠᠯ᠎ᠠ᠃
14.jpg
      ︽ᠰᠠᠨᠠᠵᠦ ᠶᠠᠪᠤᠪᠠᠯ ᠪᠥᠳᠥᠨ᠎ᠡ᠂ ᠰᠠᠵᠢᠯᠠᠵᠦ ᠶᠠᠪᠤᠪᠠᠯ ᠬᠦᠷᠦᠨ᠎ᠡ︾ ᠭᠡᠳᠡᠭ ᠢᠶᠠᠷ ᠰᠡᠭᠦᠯᠴᠢ ᠶᠢᠨ ᠬᠤᠶᠠᠷ ᠡᠳᠦᠷ ᠤᠨ ᠲᠠᠪᠴᠢᠶᠠᠷᠢ ᠲᠠᠢ ᠠᠶᠠᠯᠠᠯ ᠢᠶᠠᠷ ᠂ ︽ᠬᠤᠷ᠎ᠠ ᠲᠠᠢ ᠪᠣᠯᠪᠠᠴᠦ ᠬᠤᠭᠤᠴᠠᠭᠠᠨ ᠳᠠᠭᠠᠨ᠂ ᠪᠣᠷᠣᠭᠠᠨ ᠲᠠᠢ ᠪᠣᠯᠪᠠᠴᠦ ᠪᠣᠯᠵᠣᠭᠠᠨ ᠳᠠᠭᠠᠨ︾ ᠲᠣᠭᠳᠠᠭᠰᠠᠨ ᠶᠣᠰᠤᠭᠠᠷ ᠤᠷᠤᠭᠰᠢᠲᠠᠢ ᠠᠬᠢᠵᠦ᠂ ᠣᠨᠣᠭᠰᠠᠨ ᠡᠵᠡᠨ ᠤ ᠬᠥᠳᠡᠭᠡ ᠬᠡᠭᠡᠷ᠎ᠡ ᠬᠤᠨᠣᠭᠯᠠᠵᠤ᠂ ᠨᠠᠷᠠ ᠰᠠᠯᠬᠢᠨ ᠳᠤ ᠪᠣᠷᠣᠯᠵᠠᠨ᠂ ᠬᠠᠷᠠᠯᠠᠵᠤ ᠪᠣᠷᠣᠯᠠᠭᠰᠠᠨ ᠴᠢᠷᠠᠢ ᠠᠴᠠ ᠠᠶᠠᠨ ᠤ ᠰᠡᠭᠦᠯ ᠰᠢᠪᠳᠣᠷᠴᠦ ᠪᠠᠶᠢᠨ᠎ᠠ ᠬᠡᠳᠡᠭ ᠨᠢ ᠮᠡᠳᠡᠭᠳᠡᠪᠡᠴᠦ᠂ ᠶᠠᠳᠠᠷᠠᠭ᠎ᠠ ᠴᠢᠯᠡᠭᠡ ᠬᠠᠷᠢᠨ ᠶᠡᠭᠡ ᠬᠠᠷᠠᠭᠳᠠᠬᠤ ᠦᠭᠡᠢ ᠪᠠᠶᠢᠯ᠎ᠠ᠃ ᠡᠨᠡ ᠬᠤᠭᠤᠴᠠᠭᠠᠨ ᠳᠤ ᠦᠦᠰᠢᠨ ᠬᠤᠰᠢᠭᠤᠨ ᠤ ᠡᠯ᠎ᠡ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠶᠢᠨ ᠬᠢᠨ ᠪᠠᠰᠠ ᠠᠶᠠᠯᠠᠯ ᠤᠨ ᠵᠠᠮ ᠲᠤᠷᠰᠢ ᠳᠠᠭᠠᠨ ᠮᠣᠷᠢᠳᠠᠳ ᠢ ᠤᠷᠠᠮᠰᠢᠭᠤᠯᠤᠨ ᠵᠣᠷᠢᠭᠵᠢᠭᠤᠯᠵᠤ᠂ ᠪᠣᠯᠭᠤᠭᠠᠨ ᠲᠣᠬᠤᠨᠢᠭᠤᠯᠵᠤ ᠪᠠᠶᠢᠭᠰᠠᠨ ᠢᠶᠠᠨ 1937 ᠣᠨ ᠳᠤ᠂ ᠮᠠᠤ ᠲᠡᠷᠢᠭᠦᠯᠡᠭᠴᠢ ᠳᠤ ᠰᠢᠷᠭ᠎ᠠ ᠮᠣᠷᠢ ᠶᠢ ᠪᠡᠯᠡᠭᠯᠡᠵᠦ ᠦᠭᠭᠦᠭᠰᠡᠨ ᠦᠦᠰᠢᠨ ᠨᠣᠳᠤᠭ  ᠤᠨ ᠤᠤᠭᠠᠯ᠂ ᠪᠠᠳᠣᠴᠢᠯᠠᠭᠤ ᠶᠢᠨ ᠲᠣᠮᠪᠣᠯᠤ ᠴᠢᠩᠬᠤᠪᠢ ᠴᠦ ᠡᠨᠡ ᠬᠦ ᠰᠤᠷᠠᠭ ᠢ ᠲᠣᠭᠤᠯᠵᠤ᠂ ᠶᠠᠨ ᠠᠨ ᠬᠤᠳᠠ ᠶᠢᠨ ᠫᠢᠡᠭᠴᠢᠶᠤᠤ ᠪᠠᠯᠭᠠᠰᠤᠨ ᠤ ᠬᠠᠪᠢ  ᠪᠠᠷ ᠠᠶᠠᠯᠠᠯ ᠤᠨ ᠪᠦᠯᠬᠦᠮ ᠲᠠᠢ ᠤᠴᠠᠷᠠᠨ ᠵᠤᠯᠭᠠᠵᠤ᠂ ᠤᠳᠤᠮ ᠲᠠᠮᠵᠢᠭᠰᠠᠨ ᠤᠴᠢᠷᠲᠠᠢ ᠠᠶᠠᠯᠠᠯ ᠳᠤ ᠦᠶ᠎ᠡ ᠤᠯᠠᠮᠵᠢᠯᠠᠭᠰᠠᠨ ᠤᠶᠠᠷᠠᠯ ᠲᠣᠭᠳᠣᠯᠣᠯ ᠢᠶᠠᠨ ᠬᠤᠪᠢᠶᠠᠯᠴᠠᠭᠰᠠᠨ ᠪᠢᠯᠡ᠃ ᠴᠢᠩᠬᠤᠪᠢ ᠠᠴᠠ᠄ ︽ᠲᠣᠬᠠᠢ ᠶᠢᠨ ᠦᠶ᠎ᠡ ᠳᠤ ᠮᠠᠣ ᠲᠡᠷᠢᠭᠦᠯᠡᠭᠴᠢ ᠳᠤ ᠰᠢᠷᠭ᠎ᠠ ᠮᠣᠷᠢ ᠪᠡᠯᠡᠭᠯᠡᠭᠰᠡᠨ ᠪᠠᠳᠤᠴᠢᠯᠠᠭᠤ ᠶᠢᠨ ᠠᠴᠢ ᠦᠬᠢᠨ᠂ ᠲᠤᠤ ᠬᠤᠸ᠋ᠨ ᠪᠣᠯ ᠮᠢᠨᠤ ᠡᠮᠡᠭᠡ ᠡᠵᠢ᠂ ᠪᠢ ᠪᠠᠶᠠᠷ ᠲᠤᠷᠠᠰᠬᠠᠯ ᠤᠨ ᠡᠳᠦᠷ ᠢᠶᠠᠷ ᠡᠮᠡᠭᠡ ᠡᠵᠢ ᠶᠢ ᠪᠠᠨ ᠡᠷᠬᠢᠵᠦ ᠦᠵᠡᠬᠦ ᠪᠠᠷ ᠣᠴᠢᠬᠤ ᠳᠤ᠂ ᠡᠮᠡᠭᠡ ᠡᠵᠢ ᠮᠢᠨᠢ ᠡᠯᠦᠨᠴᠡ ᠠᠪᠤ ᠶᠢᠨ ᠰᠢᠷᠭ᠎ᠠ ᠮᠣᠷᠢ ᠪᠡᠯᠡᠭᠯᠡᠭᠰᠡᠨ ᠤᠴᠢᠷ ᠢ ᠲᠠᠩᠳᠠ ᠨᠠᠳᠠᠳᠤ ᠶᠠᠷᠢᠵᠦ ᠦᠭᠳᠡᠭ᠂ ᠡᠯᠦᠨᠴᠡ ᠠᠪᠤ 1937 ᠣᠨ ᠤ 3 ᠰᠠᠷ᠎ᠠ ᠶᠢᠨ 22 ᠤ ᠡᠳᠦᠷ ᠦᠦᠰᠢᠨ ᠠᠴᠠ ᠭᠠᠷᠴᠦ᠂ ᠲᠤᠯᠤᠭᠠᠨ ᠬᠤᠨᠤᠭ ᠠᠶᠠᠯᠠᠭᠠᠳ ᠨᠠᠢᠮᠠᠳᠤᠭᠠᠷ ᠡᠳᠦᠷ ᠲᠤ ᠮᠡᠣ ᠲᠡᠷᠢᠭᠦᠯᠡᠭᠴᠢ ᠪᠠ ᠵᠤ᠋ ᠳ᠋ᠧ ᠨᠥᠬᠦᠷ  ᠲᠠᠢ ᠵᠣᠯᠭᠠᠵᠤ᠂ ᠨᠢᠭᠡ ᠰᠢᠷᠭ᠎ᠠ ᠮᠣᠷᠢ᠂ ᠨᠢᠭᠡ ᠵᠡᠷᠭᠡᠳᠡ ᠮᠣᠷᠢ ᠪᠡᠯᠡᠭᠯᠡᠵᠦ ᠥᠭᠭᠦᠭᠰᠡᠨ ᠭᠡᠳᠡᠭ᠃ ᠡᠨᠡ ᠤᠳᠠᠭ᠎ᠠ ᠮᠠᠨ ᠤ ᠨᠣᠳᠤᠭ ᠤᠨ ᠠᠬᠠᠮᠠᠳ ᠲᠤᠮᠤᠭᠠᠳᠠᠳ ᠠᠴᠠ ᠥᠪᠡᠷ ᠤᠨ ᠰᠠᠶᠢᠨ ᠲᠤᠷ᠎ᠠ ᠠᠴᠠ ᠪᠠᠨ ᠵᠣᠬᠢᠶᠠᠨ ᠪᠠᠶᠢᠭᠤᠯᠵᠤ᠂ ᠬᠤᠪᠢᠰᠬᠠᠯ ᠤᠨ ᠵᠠᠮ ᠢᠶᠠᠷ ᠲᠠᠬᠢᠨᠲᠠ ᠠᠶᠠᠯᠠᠵᠤ ᠰᠢᠷᠭ᠎ᠠ ᠮᠣᠷᠢ ᠶᠠᠨ ᠠᠨ ᠢ ᠲᠠᠬᠢᠨ ᠴᠢᠭᠯᠡᠵᠦ ᠪᠠᠶᠢᠨ᠎ᠠ ᠬᠡᠳᠡᠭ ᠢ ᠰᠣᠨᠣᠰᠤᠭᠠᠳ ᠶᠡᠭᠡᠳᠡ ᠰᠡᠳᠬᠢᠯ ᠲᠣᠭᠳᠣᠯᠣᠭᠰᠠᠨ᠂ ᠪᠢ ᠨᠢᠭᠡ ᠬᠤᠪᠢᠰᠬᠠᠯᠴᠢᠳ ᠤᠨ ᠬᠤᠶᠢᠴᠢᠰ ᠪᠣᠯᠣᠭᠰᠠᠨ ᠤ ᠬᠤᠪᠢ ᠳᠤ᠂ ᠶᠠᠭᠠᠬᠢᠭᠰᠠᠨ ᠴᠦ ᠡᠳᠡᠭᠡᠷ ᠬᠦᠮᠦᠰ ᠲᠠᠢ ᠨᠢᠭᠡ ᠤᠴᠠᠷᠠᠨ ᠵᠣᠯᠭᠠᠵᠤ᠂ ᠨᠢᠭᠡ ᠲᠠᠯ᠎ᠠ ᠪᠠᠷ ᠥᠪᠡᠷ ᠤᠨ ᠪᠠᠭ᠋ᠠᠷᠬᠠᠯ ᠲᠠᠯᠠᠷᠬᠠᠯ ᠢᠶᠠᠨ ᠲᠠᠪᠰᠢᠬᠦᠯᠬᠦ  ᠶᠢᠨ ᠬᠠᠮᠲᠤ᠂ ᠨᠥᠭᠦᠭᠡ ᠲᠠᠯ᠎ᠠ ᠪᠠᠷ ᠵᠠᠯᠠᠭᠤᠴᠤᠳ ᠪᠢᠳᠡᠨ ᠳᠤ ᠠᠬᠠᠮᠠᠳ ᠨᠢᠭᠡ ᠦᠶ᠎ᠡ ᠶᠢᠨ ᠬᠤᠪᠢᠰᠬᠠᠯᠴᠢᠳ ᠤᠨ ᠦᠡᠭᠭᠡ ᠬᠡᠷᠡᠯᠲᠦ ᠦᠦᠭᠡ ᠲᠡᠤᠭᠡ ᠶᠢ ᠲᠠᠬᠢᠨᠲᠠ ᠨᠢᠭᠡ ᠤᠳᠠᠭ᠎ᠠ ᠳᠣᠳᠣᠷᠠᠭᠤᠯᠤᠨ ᠬᠠᠷᠠᠭᠤᠯᠵᠤ᠂ ᠬᠤᠪᠢᠰᠬᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠬᠤ ᠳᠤ ᠠᠮᠢᠳᠤᠯᠢᠭ ᠬᠢᠴᠢᠶᠡᠯᠯᠡᠭᠡ ᠪᠣᠯᠣᠭᠰᠠᠨ ᠭᠡᠮᠡᠷ ᠤᠳᠬ᠎ᠠ ᠠᠭᠤᠯᠭ᠎ᠠ ᠲᠠᠢ ᠠᠶᠠᠯᠠᠯ ᠤᠨ ᠪᠠᠭ ᠤᠨ ᠬᠢᠨ ᠳᠤ ᠠᠶᠠᠨ ᠤ ᠲᠥᠷᠦᠭᠡ ᠶᠢ ᠴᠢᠩᠭᠠᠯᠠᠬᠤ ᠶᠢ ᠵᠣᠷᠢᠯ᠎ᠠ︾ ᠭᠡᠵᠦ ᠰᠡᠳᠬᠢᠯ ᠲᠤᠭᠳᠤᠯᠤᠩᠬᠠᠨ ᠶᠠᠷᠢᠯ᠎ᠠ᠃
15.jpg
      ᠠᠶᠠᠯᠠᠯ ᠤᠨ ᠬᠤᠭᠤᠴᠠᠭᠠᠨ ᠳᠤ᠂ ᠦᠦᠰᠢᠨ ᠬᠤᠰᠢᠭᠤᠨ ᠤ ᠨᠠᠮ ᠤ ᠬᠤᠷᠢᠶᠠᠨ ᠤ ᠤᠬᠠᠭᠤᠯᠬᠤ ᠭᠡᠯᠳᠡᠰ ᠤᠨ ᠲᠠᠷᠤᠭ᠎ᠠ ᠰᠣ᠋ ᠴᠢᠩ ᠫᠦ᠋ ᠪᠠᠰᠠ ᠠᠶᠠᠯᠠᠯ ᠤᠨ ᠬᠡᠰᠢᠭᠦᠳ ᠢ ᠡᠷᠬᠢᠨ ᠦᠵᠡᠵᠦ᠂ ︽ᠠᠯᠢ ᠡᠷᠳᠡ 1937 ᠣᠨ ᠳᠤ᠂ ᠦᠦᠰᠢᠨ ᠰᠢᠷᠭ᠎ᠠ ᠮᠣᠷᠢ ᠮᠠᠤ ᠽᠧ ᠳ᠋ᠦᠡᠭ ᠨᠥᠬᠦᠷ ᠲᠠᠢ ᠬᠤᠪᠢ ᠪᠠᠷᠢᠯᠳᠤᠯᠭ᠎ᠠ ᠲᠠᠢ ᠪᠤᠯᠵᠤ᠂ ᠶᠠᠨ ᠠᠨ ᠠᠴᠠ ᠰᠠᠯᠵᠦ ᠵᠠᠭᠦᠨᠰᠢ ᠬᠠᠳᠤᠨ ᠭᠤᠣᠯ ᠢ ᠭᠠᠳᠣᠯᠬᠤ ᠪᠣᠯᠳᠠᠯ᠎ᠠ᠂ ᠮᠠᠤ ᠽᠧ ᠳ᠋ᠦᠡᠭ ᠨᠥᠬᠦᠷ ᠰᠢᠷᠭ᠎ᠠ ᠮᠣᠷᠢ ᠶᠢ ᠣᠨᠣᠵᠤ᠂ 2000 ᠭᠠᠷᠦᠢ ᠭᠠᠵᠠᠷ ᠢᠶᠠᠷ ᠠᠶᠠᠯᠠᠨ ᠪᠠᠶᠢᠯᠳᠤᠵᠠᠢ᠂ ᠡᠨᠡ ᠬᠦ ᠲᠡᠤᠭᠡ ᠶᠢᠨ ᠤᠶᠢᠯᠡ ᠤᠴᠢᠷ ᠨᠢ ᠮᠥᠨ ᠴᠦ ᠣᠷᠳᠣᠰ ᠨᠣᠳᠤᠭ ᠤᠨ ᠬᠥᠪᠡᠭᠦᠳ ᠥᠭᠢᠳ ᠠᠷᠢᠭᠤᠨ ᠰᠡᠳᠬᠢᠯ ᠢᠶᠠᠨ ᠨᠠᠮ ᠳᠠᠭᠠᠨ ᠡᠷᠭᠦᠵᠦ᠂ ᠲᠠᠯ᠎ᠠ ᠨᠣᠳᠤᠭ ᠪᠤᠤ ᠲᠠ ᠱᠠᠨ ᠲᠠᠢ ᠬᠦᠢᠰᠦ ᠬᠤᠯᠪᠣᠭᠰᠠᠨ ᠥᠡᠭᠭᠡ ᠭᠡᠷᠡᠯᠲᠤ ᠭᠡᠷᠡᠴᠢᠯᠠᠯ ᠪᠣᠯᠣᠭᠰᠠᠨ ᠪᠠᠶᠢᠨ᠎ᠠ︾ ᠭᠡᠵᠦ ᠤᠴᠢᠷᠯᠠᠯ᠎ᠠ᠃
16.jpg
      ᠬᠦᠴᠢᠷ ᠪᠡᠷᠭᠡᠰᠢᠶᠡᠯ᠂ ᠪᠠᠶᠠᠷ ᠲᠤᠭᠳᠤᠯᠣᠯ᠂ ᠶᠠᠳᠠᠷᠠᠯ ᠵᠥᠳᠡᠷᠡᠯ᠂ ᠬᠤᠪᠢ ᠤᠴᠠᠷᠠᠯ᠂ ᠥᠯᠡᠮᠵᠢ ᠣᠯᠣᠯᠲᠠ᠂ ᠤᠯᠠᠮᠵᠢᠯᠠᠯ ᠵᠠᠯᠭᠠᠮᠵᠢᠯᠠᠯ᠂ ᠁ ᠨᠢᠭᠡ ᠮᠡᠳᠡᠬᠦ ᠳᠤ ᠪᠢᠳᠡ᠂ ᠲᠤᠯᠤᠭᠠᠨ ᠡᠳᠦᠷ ᠤᠨ ᠤᠴᠢᠷᠲᠠᠢ ᠰᠠᠶᠢᠬᠠᠨ ᠠᠶᠠᠯᠠᠯ ᠢᠶᠠᠨ ᠮᠣᠷᠢᠳᠠᠳ ᠲᠠᠢ ᠬᠠᠮᠲᠤ ᠠᠮᠵᠢᠯᠲᠠ ᠲᠠᠢ ᠪᠠᠶᠠᠯᠠᠭᠦᠯᠵᠦ᠂ ᠬᠤᠪᠢᠰᠬᠠᠯ  ᠤᠨ ᠠᠷᠢᠭᠤᠨ ᠭᠤᠯᠣᠮᠲᠠ ᠪᠣᠯᠣᠭᠰᠠᠨ ᠶᠠᠨ ᠠᠨ ᠬᠤᠳᠠ ᠶᠢᠨ ᠳᠡᠷᠭᠡᠳᠡ ᠬᠤᠪᠢᠰᠬᠠᠯᠲᠤ ᠰᠣᠶᠣᠯ ᠤᠨ ᠲᠥᠯᠥᠭᠡᠯᠡᠯ ᠪᠣᠯᠣᠭᠰᠠᠨ ᠪᠣᠣ ᠲᠠ ᠱᠠᠨ ᠤ ᠬᠠᠵᠠᠭᠤ  ᠳᠤ᠂ ᠠᠮᠦᠭᠤᠯᠠᠩ ᠲᠠᠶᠢᠪᠤᠡᠭ ᠬᠦᠷᠦᠯᠴᠡᠨ ᠢᠷᠡᠵᠦ᠂ ᠠᠶᠠᠯᠠᠯ ᠤᠨ ᠪᠥᠯᠬᠦᠮ ᠤᠨ ᠬᠠᠮᠲᠤ ᠣᠯᠠᠨ᠂ ᠥᠴᠥᠭᠡᠳᠦᠷ ᠤᠨ ᠠᠮᠵᠢᠯᠲᠠ ᠪᠥᠳᠦᠮᠵᠢ ᠪᠠᠨ ᠳ᠋ᠦᠡᠭᠨᠡᠨ ᠬᠦᠰᠡᠬᠦ ᠮᠠᠷᠭᠠᠰᠢ ᠶᠢᠨ ᠤᠶᠢᠯᠡᠰ ᠢᠶᠠᠨ ᠲᠣᠭᠳᠣᠯᠣᠨ ᠪᠠᠷᠠᠯᠠᠵᠤ᠂ ᠣᠯᠵᠠᠷᠬᠠᠯ ᠣᠮᠣᠭᠰᠢᠯ ᠲᠠᠢ ᠪᠠᠭᠤᠳᠠᠯᠯᠠᠵᠤ ᠪᠢᠯᠡ᠃
17.jpg 
18.jpg
19.jpg
20.jpg
 
ᠢᠷᠡᠯᠲᠡ᠄ ᠲᠤᠯᠠᠭᠠᠨ ᠮᠡᠳᠡᠭᠡ