ᠬᠤᠪᠢᠰᠬᠠᠯᠲᠤ ᠵᠣᠷᠢᠭ ᠢᠶᠠᠨ ᠤᠯᠠᠮᠵᠢᠯᠠᠭᠰᠠᠨ ᠮᠣᠷᠢᠲᠤ ᠠᠶᠠᠯᠠᠯ—︽ᠰᠢᠷᠭ᠎ᠠ ᠮᠣᠷᠢ︾ ᠠᠷᠢᠭᠤᠨ ᠭᠤᠯᠣᠮᠲᠠ ᠳᠠᠭᠠᠨ ᠪᠤᠴᠠᠵᠤ ᠢᠷᠡᠯ᠎ᠠ
ᠨᠡᠶᠢᠲᠡᠯᠡᠭᠰᠡᠨ ᠴᠠᠭ᠄
2024/4/29
      ᠥᠷᠯᠦᠭᠡ ᠶᠢᠨ ᠰᠢᠷᠭᠠᠯ ᠨᠠᠷᠡ ᠪᠤᠤ ᠲᠠ ᠱᠠᠨ ᠠᠭᠤᠯᠠᠨ ᠳᠤ ᠰᠢᠵᠢᠷᠳᠤᠨ ᠲᠤᠰᠴᠤ᠂ ᠬᠤᠪᠢᠰᠬᠠᠯᠲᠤ ᠰᠣᠶᠣᠯ ᠤᠨ ᠤᠯᠠᠮᠵᠢᠯᠠᠯ ᠵᠠᠯᠭᠠᠮᠵᠢᠯᠠᠯ ᠪᠠ ᠠᠵᠤ ᠠᠬᠤᠢ ᠶᠢᠨ ᠥᠷᠨᠢᠯ ᠬᠦᠭᠵᠢᠯ ᠲᠠᠢ ᠠᠷᠢᠭᠤᠨ ᠣᠷᠣᠨ ᠶᠠᠨ ᠠᠨ ᠬᠤᠳᠠ ᠶᠢ ᠲᠠᠭᠤᠳᠠᠨ ᠰᠡᠷᠢᠭᠡᠬᠦ ᠳᠤ᠂ ᠨᠠᠮᠤᠭᠤᠨ ᠤᠷᠤᠰᠬᠠᠯᠲᠤ ᠶᠠᠨ ᠡᠾᠧ ᠭᠤᠣᠯ  ᠤᠨ ᠴᠡᠩᠭᠡᠷ ᠤᠰᠤ ᠨᠢ ᠬᠠᠳᠠᠭ ᠢᠶᠠᠨ ᠲᠠᠳᠠᠵᠤ ᠬᠤᠯᠠ ᠶᠢᠨ ᠬᠡᠶᠢᠴᠢᠨ ᠢᠶᠠᠨ ᠤᠭᠳᠤᠵᠤ ᠪᠠᠶᠢᠬᠤ ᠰᠢᠭ᠋ ᠬᠠᠷᠠᠭᠳᠠᠨ᠎ᠠ᠃ 4 ᠰᠠᠷ᠎ᠠ ᠶᠢᠨ 22 ᠤ ᠡᠳᠦᠷ ᠤᠨ ᠦᠳᠡ ᠶᠢᠨ ᠡᠮᠦᠨ᠎ᠡ᠂ ᠨᠠᠢᠮᠠᠨ ᠡᠳᠦᠷ ᠤᠨ ᠲᠤᠷᠰᠢ 209 ᠺᠢᠯᠣᠮᠧᠲᠷ ᠠᠶᠠᠯᠠᠨ᠂ ᠬᠦᠰᠡᠯ ᠮᠥᠷᠦᠭᠡᠳᠡᠯ ᠢ ᠲᠠᠯᠠᠯᠤᠭᠰᠠᠨ ᠶᠠᠨ ᠠᠨ ᠬᠤᠲᠠ ᠶᠢᠨ ᠪᠠᠷ᠎ᠠ᠂ 307 ᠳ᠋ᠤᠭᠠᠷ ᠤᠯᠤᠰ ᠤᠨ ᠵᠠᠮ ᠤᠨ ᠬᠠᠵᠠᠭᠤ ᠪᠠᠷ᠂ ᠬᠦᠯᠥᠭ ᠤᠨ ᠲᠥᠪᠡᠷᠭᠡᠨ ᠪᠠ ᠱᠠᠭᠰᠢᠭ᠎ᠠ ᠬᠤᠨᠭ᠍ᠬᠤᠨ ᠤ ᠴᠡᠪᠡᠷᠬᠡᠨ ᠲᠠᠭᠤᠨ ᠢᠶᠠᠷ ᠲᠣᠳᠣᠷᠠᠬᠤ ᠳᠤ᠂ ᠮᠣᠷᠢᠳᠠᠳ ᠤᠨ ᠴᠤᠭ ᠵᠣᠯᠢ ᠪᠠᠳᠠᠷᠠᠵᠦ᠂ ᠠᠶᠠᠨ ᠤ ᠵᠥᠳᠡᠷᠡᠯ ᠢ ᠠᠯᠢ ᠬᠡᠵᠢᠶ᠎ᠡ ᠠᠷᠦ ᠳᠠᠭᠠᠨ ᠣᠷᠬᠢᠵᠦ᠂ ᠤᠷᠢᠳᠴᠢᠯᠠᠨ ᠪᠣᠯᠵᠣᠭᠰᠠᠨ ᠶᠠᠨ ᠠᠨ ᠬᠤᠲᠠ ᠶᠢᠨ ᠬᠤᠶᠢᠳᠤ ᠲᠡᠭᠦᠷᠭᠡ ᠪᠠᠷ ᠪᠠᠶᠢᠷᠢᠰᠢᠭ᠎ᠠ ︽ ᠶᠢᠨ ᠶᠠᠨ ᠠᠨ ᠬᠤᠪᠢᠰᠬᠠᠯᠲᠤ ᠰᠤᠶᠤᠯ ᠤᠨ ᠵᠤᠭᠠᠴᠠᠯ ᠤᠨ ᠣᠷᠣᠨ︾ ᠳᠤ ᠬᠦᠷᠴᠡᠢ᠃ 
21.jpg
      ᠵᠤᠭᠠᠴᠠᠯ ᠤᠨ ᠣᠷᠣᠨ ᠠᠴᠠ ᠤᠯᠠᠭᠠᠨ ᠴᠡᠷᠢᠭ ᠤᠨ ᠬᠤᠪᠴᠠᠰᠦ ᠲᠠᠢ ᠬᠤᠶᠠᠷ ᠮᠣᠷᠢᠲᠤ ᠴᠡᠷᠢᠭ ᠠᠶᠠᠨ ᠤ ᠪᠦᠯᠬᠦᠮ ᠢ ᠣᠭᠳᠣᠨ ᠠᠪᠴᠦ᠂ ᠱᠠᠨᠪᠸᠢ  ᠶᠢᠨ ᠣᠯᠠᠨ ᠲᠥᠮᠡᠨ ᠪᠦᠮᠪᠦᠷ ᠲᠠᠯᠠᠳᠣᠨ ᠳᠡᠷᠡᠰᠦ ᠪᠠᠨ ᠬᠡᠮᠨᠡᠵᠦ᠂ ᠥᠪᠡᠳᠡᠭᠰᠢ ᠶᠡᠭᠡ ᠤᠭᠳᠤᠯᠭ᠎ᠠ ᠪᠠᠷ ᠢᠶᠠᠨ ᠠᠶᠠᠨ ᠤ ᠴᠢᠯᠡᠭᠡ ᠶᠢ ᠲᠠᠶᠢᠯᠤᠭᠰᠠᠨ ᠢᠶᠠᠷ ᠪᠠᠷᠠᠬᠤ ᠦᠭᠡᠢ ᠱᠠᠨᠪᠸᠢ ᠣᠷᠣᠨ ᠤ ᠪᠣᠳᠠᠰ ᠤᠨ ᠪᠤᠰᠤ ᠰᠣᠶᠣᠯ ᠤᠨ ᠥᠪ ᠪᠣᠯᠣᠭᠰᠠᠨ ᠴᠠᠭᠠᠰᠦᠨ ᠬᠠᠶᠢᠴᠢᠯᠠᠮᠠᠯ ᠤᠨ ᠪᠥᠳᠦᠭᠡᠭᠳᠡᠭᠦᠨ ᠪᠣᠯᠬᠤ ︽ᠰᠢᠷᠭ᠎ᠠ ᠮᠣᠷᠢ︾ ᠶᠢᠨ ᠬᠠᠶᠢᠴᠢᠯᠠᠮᠠᠯ ᠢ ᠠᠶᠠᠯᠠᠯ ᠤᠨ ᠬᠡᠰᠢᠭᠦᠳ ᠲᠤ ᠪᠡᠯᠡᠭ ᠪᠣᠯᠭᠠᠨ ᠪᠠᠷᠢᠵᠦ᠂ ᠬᠤᠷᠠᠭᠰᠠᠨ ᠣᠯᠠᠨ ᠴᠡᠩᠬᠡᠷ ᠬᠠᠳᠠᠭ ᠢ ᠠᠷᠢᠭᠤᠨ ᠮᠣᠩᠭᠤᠯ ᠤᠨ ᠶᠣᠰᠤ ᠪᠠᠷ ᠬᠦᠨᠳᠤᠳᠭᠡᠯ ᠲᠠᠯᠠᠷᠬᠠᠯ ᠪᠣᠯᠭᠠᠨ ᠪᠠᠷᠢᠭᠰᠠᠨ ᠤ ᠲᠠᠷᠠᠭ᠎ᠠ᠂ ᠬᠤᠶᠠᠷ ᠣᠷᠣᠨ ᠤ ᠠᠷᠠᠳ ᠲᠥᠮᠡᠨ ᠪᠠᠶᠠᠷ ᠬᠦᠷ ᠢ ᠪᠢᠯᠬᠠᠭᠤᠯᠤᠨ᠂ ᠶᠡᠩᠬᠡᠷ ᠪᠦᠵᠢᠭ  ᠤᠨ ᠡᠩᠨᠡᠭᠡᠨ ᠤ ᠲᠠᠭᠠᠭᠤᠯᠭ᠎ᠠ ᠪᠠᠷ ᠬᠠᠭᠤᠴᠢᠨ ᠶᠠᠨ ᠠᠨ ᠬᠤᠲᠠ ᠶᠢᠨ ᠥᠡᠭᠭᠡ ᠲᠦᠷᠰᠦ ᠶᠢ ᠰᠡᠷᠭᠦᠭᠡᠵᠦ ᠪᠠᠶᠢᠭᠤᠯᠤᠭᠰᠠᠨ ᠵᠡᠭᠡᠯᠢ ᠪᠠᠷ ᠲᠣᠭᠤᠷᠢᠨ ᠶᠠᠪᠤᠯ᠎ᠠ᠃ ᠵᠤᠭᠠᠴᠠᠯ ᠤᠨ ᠣᠷᠣᠨ ᠤ ᠬᠠᠷᠢᠭᠤᠴᠠᠯᠭᠠᠳᠠᠨ ᠡᠣ ᠶᠡᠨ ᠫᠢᠡᠭ᠄ ︽ᠪᠢᠳᠠ ᠰᠦᠯᠵᠢᠶᠡᠨ ᠠᠴᠠ ᠡᠨᠡ ᠬᠦ ᠰᠤᠷᠠᠭ ᠢ ᠦᠵᠡᠭᠡᠳ ᠮᠠᠰᠢ ᠰᠡᠳᠬᠢᠯ ᠬᠥᠳᠡᠯᠦᠭᠰᠡᠨ᠂ ᠱᠠᠨᠪᠸᠢ ᠣᠷᠣᠨ ᠤ ᠬᠤᠪᠢᠰᠬᠠᠯᠲᠤ ᠰᠣᠶᠣᠯ ᠤᠨ ᠵᠤᠭᠠᠴᠠᠯ ᠤᠨ ᠣᠷᠣᠨ ᠪᠣᠯᠣᠭᠰᠠᠨ ᠤ ᠬᠤᠪᠢ ᠳᠤ᠂ ᠡᠨᠡ ᠬᠦ ᠰᠡᠳᠬᠢᠯ ᠲᠣᠭᠳᠤᠯᠤᠮ᠎ᠠ ᠥᠡᠭᠭᠡ ᠬᠡᠷᠡᠯᠲᠤ ᠲᠡᠤᠬᠡᠨ ᠤᠴᠢᠷ ᠢ ᠲᠠᠬᠢᠨᠲᠠ ᠬᠦᠮᠦᠨ ᠵᠣᠨ ᠳᠤ ᠬᠠᠷᠠᠭᠤᠯᠣᠭᠰᠠᠨ ᠮᠠᠯᠴᠢᠳ ᠲᠤ ᠬᠦᠨᠳᠦᠳᠭᠡᠯ ᠲᠠᠯᠠᠷᠬᠠᠯ ᠲᠡᠪᠰᠢᠭᠦᠯᠬᠦ ᠶᠢᠨ ᠬᠠᠮᠲᠦ ᠲᠠᠯ᠎ᠠ ᠨᠣᠳᠤᠭ ᠤᠨ ᠠᠷᠠᠳ ᠲᠥᠮᠡᠨ ᠪᠠ ᠱᠠᠨᠪᠸᠢ ᠶᠢᠨ ᠠᠷᠠᠳ ᠲᠥᠮᠡᠨ ᠰᠡᠳᠬᠢᠯ ᠵᠢᠷᠦᠭᠡ ᠪᠠᠨ ᠬᠤᠯᠪᠣᠭᠰᠠᠨ ᠬᠤᠪᠢᠰᠬᠠᠯ ᠤᠨ ᠰᠢᠯᠢᠳᠡᠭ ᠤᠯᠠᠮᠵᠢᠯᠠᠯ ᠢ ᠪᠠᠳᠠᠷᠠᠭᠤᠯᠵᠤ᠂ ᠬᠤᠪᠢᠰᠬᠠᠯ ᠤᠨ ᠵᠣᠷᠢᠭ ᠰᠠᠨᠠᠭ᠎ᠠ ᠶᠢ ᠰᠢᠨ᠎ᠡ ᠴᠠᠭ ᠡᠷᠢᠨ ᠳᠤ ᠦᠷᠭᠦᠯᠵᠢᠯᠡᠨ ᠤᠯᠠᠮᠵᠢᠯᠠᠨ ᠵᠠᠯᠭᠠᠮᠵᠢᠯᠠᠬᠤ ᠪᠠᠷ ᠬᠠᠮᠳᠤ ᠳᠠᠭᠠᠨ ᠴᠢᠷᠮᠡᠶᠢᠶ᠎ᠠ︾ ᠭᠡᠵᠦ ᠰᠡᠳᠬᠢᠯ ᠳᠣᠭᠳᠣᠯᠣᠨ ᠶᠠᠷᠢᠨ᠎ᠠ᠃ 
22.jpg
      ᠠᠶᠠᠯᠠᠯ ᠤᠨ ᠬᠡᠰᠢᠭᠦᠨ ᠨᠡᠷᠡᠨᠴᠣᠭᠲᠤ᠄ ︽ᠪᠢᠳᠠᠨ ᠤ ᠬᠦᠰᠡᠵᠦ ᠲᠡᠮᠡᠤᠯᠵᠦ ᠶᠡᠪᠤᠭᠰᠠᠨ ᠶᠠᠨ ᠠᠨ ᠳᠤ ᠢᠷᠡᠬᠦᠯᠡᠷ᠂ ᠪᠠᠶᠡᠷᠯᠡᠵᠦ ᠲᠣᠭᠳᠣᠯᠣᠭᠠᠳ ᠠᠶᠠᠨ  ᠤ ᠵᠦᠳᠡᠷᠡᠯ ᠣᠷᠣ ᠦᠭᠡᠢ ᠠᠷᠢᠯᠴᠢᠬᠠᠯ᠎ᠠ᠂ ᠡᠨᠡ ᠨᠣᠳᠤᠭ ᠤᠨ ᠠᠷᠠᠳ ᠲᠥᠮᠡᠨ ᠪᠠᠳᠠᠨ ᠢ ᠢᠢᠨᠬᠦ ᠬᠠᠯᠠᠭᠤᠨ ᠢᠶᠠᠷ ᠤᠭᠳᠤᠨ ᠠᠪᠬᠤ ᠶᠢ ᠪᠣᠳᠣᠵᠣ ᠣᠯᠤᠭ᠎ᠠ ᠦᠭᠡᠢ᠂ ᠪᠤᠰᠤᠳ ᠲᠤ ᠬᠦᠷᠢᠶᠡᠯᠡᠭᠳᠡᠵᠦ ᠪᠠᠶᠢᠬᠤ ᠪᠠᠨ ᠪᠣᠳᠣᠬᠤ ᠪᠠᠷ ᠰᠡᠳᠬᠢᠯ ᠳᠤ ᠳᠤᠯᠠᠭᠠᠬᠠᠨ︾ ᠭᠡᠵᠦ ᠪᠠᠶᠠᠷᠳᠠᠶᠢᠬᠠᠨ ᠶᠠᠷᠢᠵᠦ ᠪᠠᠶᠢᠯ᠎ᠠ᠃ 
23.jpg
      ︽ᠪᠢᠯᠢᠭ ᠤᠨ ᠡᠮᠦᠨ᠎ᠡ ᠠᠴᠠ ᠬᠤᠷ᠎ᠠ︾ ᠬᠡᠳᠡᠭᠴᠢᠯᠡᠨ ᠦᠳᠡ ᠶᠢᠨ ᠬᠤᠶᠢᠨ᠎ᠠ ᠬᠤᠷ᠎ᠠ ᠴᠢᠬᠢᠭ ᠪᠠᠭᠤᠭᠰᠠᠨ ᠲᠠᠭᠠᠯᠠᠮᠵᠢᠲᠠᠢ ᠰᠠᠶᠢᠬᠠᠨ ᠠᠭᠤᠷ ᠠᠮᠢᠰᠬᠤᠯ ᠶᠠᠨ ᠠᠨ ᠤ ᠬᠤᠪᠢᠰᠬᠠᠯ ᠤᠨ ᠲᠤᠷᠠᠰᠬᠠᠯ ᠤ ᠣᠷᠳᠣᠨ ᠳᠤ ᠠᠶᠠᠯᠠᠯ ᠤᠨ ᠪᠥᠯᠬᠦᠮ ᠤᠨ ᠬᠢᠨ ᠠᠭᠲᠠ ᠬᠥᠯᠥᠭ ᠲᠠᠢ ᠪᠠᠨ᠂ ᠠᠷᠢᠭᠤᠨ ᠰᠡᠳᠬᠢᠯᠭᠡ  ᠲᠠᠢ ᠪᠠᠨ᠂ ᠠᠰᠬᠠᠷᠠᠭᠰᠠᠨ ᠬᠠᠶᠢᠷ᠎ᠠ ᠬᠦᠨᠳᠦᠳᠭᠡᠯ ᠲᠠᠢ ᠪᠠᠨ᠂ ᠠᠷᠠᠳ ᠲᠥᠮᠡᠨ ᠤ ᠬᠦᠷᠢᠶᠡᠯᠡᠯ ᠲᠠᠢ ᠬᠦᠷᠴᠦ ᠢᠷᠡᠨ᠂ ᠦᠦᠰᠢᠨ ᠬᠤᠰᠢᠭᠤ ᠪᠠ ᠲᠤᠬᠠᠢ ᠶᠢᠨ ᠭᠠᠵᠠᠷ ᠤᠨ ᠬᠠᠮᠢᠶ᠎ᠠ ᠪᠦᠬᠦᠢ ᠪᠠᠶᠢᠭᠤᠯᠭ᠎ᠠ ᠶᠢᠨ ᠤᠳᠤᠷᠢᠳᠣᠯᠭ᠎ᠠ᠂ ᠡᠯ᠎ᠡ ᠮᠡᠳᠡᠭᠡ ᠵᠠᠭᠤᠴᠢᠯᠠᠭᠤᠷ᠂ ᠶᠠᠨ ᠠᠨ ᠬᠤᠳᠠ ᠶᠢᠨ ᠠᠷᠠᠳ ᠢᠷᠭᠡᠨ ᠲᠠᠢ ᠠᠭᠤᠯᠵᠠᠨ ᠵᠣᠯᠭᠠᠯ᠎ᠠ᠃ 
24.jpg
      ᠶᠠᠨ ᠠᠨ ᠤ ᠬᠤᠪᠢᠰᠬᠠᠯ ᠤᠨ ᠲᠤᠷᠠᠰᠬᠠᠯ ᠤᠨ ᠣᠷᠳᠣᠨ ᠤ ᠨᠠᠮ ᠤᠨ ᠬᠤᠷᠢᠶᠠᠨ ᠤ ᠱᠦᠵᠢ᠂ ᠣᠷᠳᠣᠨ ᠤ ᠲᠠᠷᠤᠭ᠎ᠠ ᠯᠢᠤ ᠨᠢ᠄ ︽8 ᠡᠳᠦᠷ ᠤᠨ ᠠᠶᠠᠯᠠᠯ ᠢᠶᠠᠷ ᠶᠠᠨ ᠠᠨ ᠳᠤ ᠡᠷᠬᠢᠵᠦ ᠢᠷᠡᠭᠰᠡᠨ ᠨᠢ ᠦᠨᠡᠨ ᠳᠡᠭᠡᠨ ᠶᠡᠨ ᠠᠨ ᠤ 80 ᠵᠢᠯ ᠤᠨ ᠡᠮᠦᠨᠡᠬᠢ ᠦᠯᠢᠭᠡᠷ ᠲᠡᠤᠬᠡ ᠶᠢ ᠶᠡᠨ ᠠᠨ ᠳᠤ ᠲᠠᠬᠢᠨᠲᠠ ᠠᠪᠴᠢᠷᠠᠭᠰᠠᠨ ᠤᠴᠢᠷ ᠪᠣᠯᠬᠤ ᠶᠤᠮ᠃ ᠨᠠᠮ ᠤᠨ ᠲᠥᠪ ᠬᠤᠷᠢᠶ᠎ᠠ ᠶᠠᠨ ᠠᠨ ᠳᠤ ᠪᠠᠶᠢᠬᠤ ᠬᠤᠭᠤᠴᠠᠭᠠᠨ ᠳᠤ᠂ ᠪᠦᠬᠦ ᠦᠨᠳᠦᠰᠦᠳᠡᠨ ᠤ ᠶᠠᠫᠤᠨ ᠢ ᠡᠰᠡᠷᠭᠦᠴᠡᠬᠦ ᠲᠠᠶᠢᠨ ᠢ ᠠᠬᠢᠭᠤᠯᠵᠤ᠂ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠪᠠ᠃ ᠰᠢᠨ᠎ᠡ ᠴᠠᠭ ᠦᠶ᠎ᠡ ᠳᠤ ᠡᠯ᠎ᠡ ᠦᠨᠳᠦᠰᠦᠳᠡᠨ ᠦᠷᠭᠦᠯᠵᠢᠯᠡᠨ ᠪᠦᠯᠬᠦᠮᠳᠡᠨ ᠨᠢᠭᠳᠠᠷᠠᠵᠤ᠂ ᠨᠢᠭᠡ ᠭᠡᠷ ᠤᠨ ᠬᠦᠮᠦᠰ ᠮᠡᠳᠦ ᠳᠣᠲᠣᠨᠣ ᠪᠠᠶᠢᠯᠴᠠᠬᠤ ᠬᠠᠮᠳᠣ ᠶᠢᠨ ᠴᠣᠭᠴᠠ ᠶᠢᠨ ᠤᠬᠠᠮᠰᠠᠷ ᠢ ᠪᠠᠳᠤ ᠴᠣᠭᠴᠠᠯᠠᠬᠤ ᠬᠡᠷᠡᠭᠳᠡᠢ᠂ ᠡᠶᠢᠮᠦ ᠠᠴᠠ ᠥᠨᠥᠳᠥᠷ ᠮᠣᠷᠢᠳᠡᠳ ᠤᠨ ᠡᠷᠬᠢᠵᠦ ᠢᠷᠡᠭᠰᠡᠨ ᠨᠢ ᠮᠥᠨ ᠴᠦ ᠰᠢᠨ᠎ᠡ ᠴᠠᠭ ᠦᠶ᠎ᠡ ᠶᠢᠨ ᠦᠯᠢᠭᠡᠷ ᠵᠢᠱᠢᠶ᠎ᠡ ᠠᠪᠴᠢᠷᠠᠭᠰᠠᠨ ᠲᠠᠢ ᠠᠳᠠᠯᠢ ᠶᠤᠮ︾ ᠭᠡᠵᠦ ᠦᠨᠡᠯᠡᠯ᠎ᠡ᠃
25.jpg
      ᠲᠣᠭᠤᠷᠢᠨ ᠵᠣᠷᠴᠢᠭᠴᠢ ᠢᠤᠢ ᡁᠢ ᠶᠦᠨ᠄ ︽ᠥᠨᠥᠳᠦᠷ ᠪᠢᠳᠠ ᠠᠳᠡ ᠲᠤᠭᠤᠷᠢᠬᠤ ᠶᠢᠨ ᠲᠠᠰᠢᠷᠠᠮ ᠢᠶᠠᠷ᠂ ᠡᠳᠡᠭᠡᠷ ᠮᠠᠯᠴᠢᠳ ᠤᠨ ᠲᠡᠦᠬᠡᠨ ᠦᠯᠢᠭᠡᠷ ᠶᠠᠪᠤᠳᠠᠯ ᠢ ᠰᠣᠨᠣᠰᠤᠭᠠᠳ ᠪᠢ ᠶᠡᠬᠡᠳᠡ ᠰᠡᠳᠬᠢᠯ ᠬᠥᠳᠦᠯᠦᠭᠰᠡᠨ᠃ 1937 ᠣᠨ ᠪᠣᠯ ᠪᠢᠳᠡᠨ ᠤ ᠬᠠᠮᠤᠭ ᠤᠨ ᠬᠦᠴᠢᠷᠳᠡᠯᠲᠡᠢ ᠴᠠᠭ ᠦᠶ᠎ᠡ ᠠᠴᠠ ᠲᠤᠬᠠᠢ ᠶᠢᠨ ᠦᠶ᠎ᠡ ᠳᠤ᠂ 47 ᠮᠠᠯᠴᠢᠨ ᠶᠠᠨ ᠠᠨ ᠳᠤ ᠢᠷᠡᠵᠦ᠂ ᠮᠠᠤ ᠽᠧ ᠳ᠋ᠦᠩ ᠲᠡᠷᠢᠭᠦᠯᠡᠭᠴᠢ ᠲᠠᠢ ᠤᠴᠠᠷᠠᠭᠰᠠᠨ᠂ ᠲᠤᠬᠠᠢ ᠶᠢᠨ ᠦᠶ᠎ᠡ ᠠᠴᠠ ᠮᠣᠩᠭᠤᠯ ᠬᠢᠲᠠᠳ ᠦᠨᠳᠦᠰᠦᠲᠡᠨ ᠢᠶᠠᠷ ᠪᠦᠷᠢᠯᠳᠦᠭᠰᠡᠨ ᠶᠠᠫᠤᠨ ᠢ ᠡᠰᠡᠷᠭᠦᠴᠡᠬᠦ ᠳᠤᠭᠤᠶᠢᠯᠠᠩ ᠪᠤᠢ ᠪᠣᠯᠤᠭᠰᠠᠨ ᠭᠡᠳᠡᠭ᠂ ᠡᠨᠡ ᠨᠢ ᠬᠤᠪᠢᠰᠬᠠᠯ ᠤᠨ ᠵᠣᠷᠢᠭ ᠰᠠᠨᠠᠭ᠎ᠠ ᠶᠢ ᠤᠯᠠᠮᠵᠢᠯᠠᠬᠤ ᠨᠢᠭᠡᠨ ᠵᠢᠱᠢᠶ᠎ᠡ ᠮᠥᠨ᠂ ᠮᠢᠨᠤ ᠪᠤᠳᠤᠬᠤ ᠪᠠᠷ᠂ ᠪᠢᠳᠠ ᠬᠥᠮᠥᠨ ᠪᠦᠭᠦᠨ ᠢᠲᠡᠭᠡᠯ ᠪᠢᠰᠢᠷᠡᠯ ᠲᠠᠢ ᠪᠠᠶᠢᠬᠤ ᠬᠡᠷᠡᠭᠲᠡᠢ᠃ ᠪᠢᠳᠡ ᠶᠠᠨ ᠠᠨ ᠠᠴᠠ ᠰᠣᠶᠣᠯ ᠤᠨ ᠢᠲᠡᠭᠡᠯ ᠪᠢᠰᠢᠷᠡᠯ ᠢ ᠨᠡᠩ ᠢᠯᠡᠭᠦᠦ ᠮᠡᠳᠡᠷᠡᠵᠦ᠂ ᠡᠳᠡᠭᠡᠷ ᠮᠠᠯᠴᠢᠳ ᠠᠴᠠ ᠴᠦ ᠨᠢᠭᠡ ᠤᠳᠠᠭᠠᠨ ᠤ ᠬᠥᠮᠦᠵᠢᠯ ᠭᠦᠷᠲᠡᠯ᠎ᠡ︾ ᠭᠡᠵᠦ ᠪᠡᠶᠡᠷᠲᠡᠢ ᠶᠠᠷᠢᠯ᠎ᠠ᠃
26.jpg
      ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠷᠡᠯ ᠰᠠᠴᠤᠷᠠᠩᠭᠤᠢ ᠬᠤᠪᠢᠰᠬᠠᠯᠲᠤ ᠲᠡᠮᠡᠴᠡᠯ ᠤᠨ ᠲᠡᠦᠬᠡᠨ ᠭᠡᠷᠡᠴᠢᠯᠡᠯ ᠤᠨ ᠦᠨᠡᠲᠦ ᠥᠪ ᠪᠣᠯᠤᠭᠰᠠᠨ ︽ᠰᠢᠷᠭ᠎ᠠ ᠮᠣᠷᠢ︾᠂ ᠨᠠᠶᠠᠨ ᠲᠣᠯᠣᠭᠠᠨ ᠵᠢᠯ ᠤᠨ ᠳᠠᠷᠠᠭ᠎ᠠ᠂ ᠬᠤᠪᠢᠰᠬᠠᠯ ᠤᠨ ᠤᠯᠠ ᠮᠥᠷ ᠢ ᠮᠦᠷᠳᠡᠨ᠂ ᠠᠶᠠᠨ ᠤ ᠪᠠᠷᠳᠠᠭ᠎ᠠ ᠶᠢ ᠲᠣᠭᠤᠯᠵᠦ᠂ ᠬᠤᠪᠢᠰᠬᠠᠯ ᠤᠨ ᠠᠷᠢᠭᠤᠨ ᠭᠠᠯ ᠢ ᠭᠤᠯᠣᠮᠲᠠ ᠳᠠᠭᠠᠨ ᠪᠠᠳᠠᠷᠠᠭᠠᠨ ᠳᠦᠷᠡᠯᠵᠡᠭᠦᠯᠦᠭᠰᠡᠨ ᠶᠠᠨ ᠠᠨ ᠤ ᠬᠤᠪᠢᠰᠬᠠᠯ ᠤᠨ ᠳᠤᠷᠠᠰᠬᠠᠯ ᠤᠨ ᠣᠷᠳᠣᠨ ᠤ ᠠᠭᠤᠳᠠᠮ ᠲᠠᠯᠠᠪᠠᠢ ᠳᠤ᠂ ᠬᠥᠮᠥᠨ ᠪᠦᠭᠦᠨ ᠤ ᠰᠡᠳᠬᠢᠯ ᠵᠢᠷᠦᠬᠡᠨ ᠳᠤ ᠮᠥᠩᠬᠡ ᠰᠦᠨᠳᠡᠷᠯᠡᠭᠰᠡᠨ ᠠᠭᠤᠤ ᠶᠡᠭᠡ ᠮᠠᠤ ᠲᠡᠷᠢᠭᠦᠯᠡᠭᠴᠢ ᠶᠢᠨ ᠠᠤᠭ᠎ᠠ ᠰᠦᠷᠯᠢᠭ ᠱᠤᠭᠤᠮᠠᠯ ᠤᠨ ᠳᠡᠷᠭᠡᠳᠡ ᠪᠤᠴᠠᠨ ᠢᠷᠡᠭᠰᠡᠨ ᠳᠣᠭᠳᠣᠯᠤᠮ᠎ᠠ ᠮᠥᠴᠡ ᠶᠢ ᠲᠡᠮᠳᠡᠭᠯᠡᠭᠡᠳ ᠰᠤᠷᠪᠤᠯᠵᠢᠯᠠᠬᠴᠢ ᠦᠰᠦᠭ ᠢᠶᠠᠷ ᠲᠦᠷ ᠬᠤᠷᠢᠶᠠᠪᠠᠢ᠃
ᠢᠷᠡᠯᠲᠡ᠄ ᠲᠤᠯᠠᠭᠠᠨ ᠮᠡᠳᠡᠭᠡ