ᠪᠠᠶᠠᠨᠳᠣᠯᠣᠭᠠᠢ ᠭᠠᠴᠠᠭ᠎ᠠ ᠬᠦᠴᠢᠷᠳᠡᠯᠳᠡᠢ ᠡᠷᠦᠬᠡ ᠪᠠᠨ ᠲᠠᠮᠵᠢᠪᠠ
ᠨᠡᠶᠢᠲᠡᠯᠡᠭᠰᠡᠨ ᠴᠠᠭ᠄
2024/4/30
      ᠣᠶᠢᠷ᠎ᠡ ᠳᠤ᠂ ᠦᠦᠰᠢᠨᠵᠦᠦ ᠪᠠᠯᠭᠠᠰᠤᠨ ᠤ ᠪᠠᠶᠠᠨᠳᠤᠯᠤᠭᠠᠢ ᠭᠠᠴᠠᠭᠠᠨ ᠤ ᠵᠥᠪᠯᠡᠯ ᠨᠢ ᠠᠮᠢᠳᠤᠷᠠᠯ ᠭᠦᠴᠢᠷᠳᠡᠯᠳᠡᠢ 4 ᠡᠷᠦᠬᠡ ᠳᠤ ᠦᠨᠢᠶ᠎ᠡ ᠬᠤᠪᠢᠶᠠᠨ ᠥᠭᠴᠡᠢ᠃ ᠲᠤᠰ ᠲᠠᠮᠵᠢᠯᠭᠡ ᠶᠢᠨ ᠠᠵᠢᠯ ᠢ ᠰᠠᠶᠢᠳᠤᠷ ᠬᠢᠬᠦ ᠶᠢᠨ ᠲᠥᠯᠥᠭᠡ᠂ ᠪᠠᠶᠠᠨᠳᠤᠯᠤᠭᠠᠢ ᠭᠠᠴᠠᠭᠠᠨ ᠤ  ᠬᠤᠶᠠᠷ ᠵᠥᠪᠯᠡᠯ︾ ᠪᠣᠯᠣᠨ ᠭᠠᠴᠠᠭᠠᠨ ᠳᠤ ᠰᠠᠭᠤᠭ᠎ᠠ ᠠᠵᠢᠯ ᠤᠨ ᠠᠩᠬᠢ ᠶᠢᠨ ᠬᠢᠨ ᠬᠦᠴᠢᠷᠳᠡᠯᠳᠡᠢ ᠡᠷᠦᠭᠡ ᠶᠢ ᠰᠢᠭᠰᠢᠨ ᠪᠠᠶᠢᠴᠠᠭᠠᠵᠤ᠂ ᠡᠴᠦᠰ ᠲᠤ 4 ᠡᠷᠦᠬᠡ ᠶᠢ ᠬᠠᠪᠰᠤᠷᠤᠨ ᠲᠡᠳᠭᠦᠭᠦ ᠪᠠᠷ ᠪᠣᠯᠪᠠ᠃      ︽ᠭᠠᠴᠠᠭ᠎ᠠ ᠠᠴᠠ ᠨᠠᠳᠠ ᠳᠤ ᠦᠨ᠎ᠡ ᠲᠦᠯᠥᠪᠦᠷᠢ ᠦᠭᠡᠢ ᠪᠠᠷ ᠦᠨᠢᠶ᠎ᠡ ᠥᠭᠭᠦᠭᠰᠡᠨ ᠳᠤ ᠲᠠᠯᠠᠷᠬᠠᠵᠤ ᠪᠠᠶᠢᠨ᠎ᠠ᠂ ᠪᠢ ᠰᠠᠶᠢᠳᠤᠷ ᠠᠷᠠᠴᠢᠯᠠᠨ ᠲᠡᠵᠢᠭᠡᠵᠦ᠂ ᠣᠷᠣᠯᠭ᠎ᠠ ᠪᠠᠨ ᠨᠡᠮᠡᠭᠳᠡᠭᠦᠯᠦᠨ᠂ ᠠᠮᠢᠳᠤᠷᠠᠯ ᠢᠶᠠᠨ ᠰᠠᠶᠢᠵᠢᠷᠠᠭᠤᠯᠤᠨ᠎ᠠ︾ ᠭᠡᠵᠦ ᠰᠢᠨ᠎ᠡ ᠤᠰᠤ ᠮᠠᠯᠵᠢᠯ ᠤᠨ ᠬᠤᠰᠢᠶ᠎ᠠ ᠶᠢᠨ ᠮᠠᠯᠴᠢᠨ ᠠᠯᠳᠠᠨᠳᠣᠭᠳᠠᠬᠤ ᠪᠠᠶᠡᠷ ᠬᠦᠷ ᠲᠠᠢ ᠶᠠᠷᠢᠨ᠎ᠠ᠃      ᠣᠶᠢᠷ᠎ᠡ ᠶᠢᠨ ᠵᠢᠯ ᠠᠴᠠ ᠨᠠᠭᠠᠰᠢ᠂ ᠪᠠᠶᠠᠨᠳᠤᠯᠤᠭᠠᠢ ᠭᠠᠴᠠᠭ᠎ᠠ ᠨᠠᠮ ᠤᠨ ᠪᠠᠶᠢᠭᠤᠯᠤᠯᠲᠠ ᠪᠠᠷ ᠬᠥᠳᠥᠯᠥᠨ ᠲᠠᠭᠠᠭᠤᠯᠵᠣ᠂ ᠨᠣᠳᠤᠭ ᠪᠡᠯᠴᠢᠭᠡᠷ ᠪᠠ ᠵᠤᠭᠠᠴᠠᠯ ᠤᠨ ᠡᠬᠢ ᠪᠠᠶᠠᠯᠢᠭ ᠤᠨ ᠲᠠᠪᠠᠭᠤᠯᠢᠭ ᠲᠤ ᠰᠠᠭᠤᠷᠢᠯᠠᠨ᠂ ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠪᠠ ᠰᠤᠶᠤᠯ ᠵᠤᠭᠠᠴᠠᠯ ᠤᠨ ᠤᠶᠢᠯᠡᠰ  ᠢᠶᠠᠷ ᠲᠤᠯᠭᠠᠭᠤᠷᠢᠯᠠᠯ ᠪᠣᠯᠭᠠᠵᠤ᠂ ᠣᠨᠣᠴᠠᠲᠠᠢ ᠪᠠᠷ ᠠᠷᠭ᠎ᠠ ᠪᠣᠳᠣᠯᠭ᠎ᠠ ᠬᠡᠷᠡᠭᠵᠢᠭᠦᠯᠬᠦ ᠪᠠᠷ ᠲᠠᠮᠵᠢᠭᠤᠯᠤᠨ᠂ ᠬᠦᠴᠢᠷᠳᠡᠯᠳᠡᠢ ᠡᠷᠦᠬᠡ ᠶᠢ ᠬᠠᠪᠰᠤᠷᠤᠨ ᠣᠷᠣᠯᠭ᠎ᠠ  ᠶᠢ ᠨᠢ ᠨᠡᠮᠡᠭᠳᠡᠭᠦᠯᠵᠦ ᠪᠤᠢ᠃
ᠢᠷᠡᠯᠲᠡ᠄ ᠲᠤᠯᠠᠭᠠᠨ ᠮᠡᠳᠡᠭᠡ