︽ᠦᠢᠯᠡᠰ ᠤᠨ ᠵᠣᠯᠪᠣᠭᠠᠲᠠᠢ ᠵᠠᠯᠠᠭᠤᠴᠤᠳ︾  — ᠳᠡᠭᠵᠢᠷᠡ ᠶᠢᠨ ᠳᠡᠭᠵᠢᠷᠡᠬᠦ ᠦᠢᠯᠡᠰ
ᠨᠡᠶᠢᠲᠡᠯᠡᠭᠰᠡᠨ ᠴᠠᠭ᠄
2024/4/30
      — ᠪᠢ ᠥᠪᠡᠷ ᠢᠶᠠᠨ ᠡᠸᠦ᠋ᠷᠦᠫᠡ ᠬᠤᠭᠤᠯᠠ ᠢᠳᠡᠬᠦ ᠳᠤᠷᠠᠲᠠᠢ᠃ ᠲᠡᠭᠡᠭᠡᠳ ᠠᠷᠪᠢᠨ ᠵᠦᠢᠯ ᠢ ᠴᠸ ᠬᠠᠮᠢᠶᠠᠷᠤᠭᠰᠠᠨ ᠦᠭᠡᠢ᠃ ᠥᠪᠡᠷ ᠤᠨ ᠳᠤᠷᠠᠲᠠᠢ ᠵᠦᠢᠯ ᠢᠶᠠᠨ ᠬᠢᠵᠦ ᠤᠷᠤᠯᠭ᠎ᠠ ᠣᠯᠣᠶ᠎ᠠ ᠭᠡᠵᠦ ᠯᠠ ᠪᠤᠳᠤᠭᠠᠳ ᠡᠸᠦ᠋ᠷᠦᠫᠡ ᠬᠤᠭᠤᠯᠠᠨ ᠭᠡᠷ ᠨᠡᠭᠡᠭᠡᠭᠰᠡᠨ ᠶᠤᠮ᠃ 
1青春铸梦——00后创业纪︱德格吉日:热爱成为职业,美食化为生活.jpg
      — ᠦᠢᠯᠡᠰ ᠪᠦᠲᠦᠭᠡᠬᠦ ᠨᠢ ᠠᠯᠪᠠᠨ ᠠᠵᠢᠯ ᠲᠠᠢ ᠬᠠᠷᠢᠴᠠᠭᠤᠯᠪᠠᠯ ᠶᠠᠳᠠᠷᠠᠭ᠎ᠠ ᠲᠠᠢ ᠮᠥᠷᠲᠡᠭᠡᠨ ᠬᠦᠴᠢᠷᠳᠡᠯ ᠠᠷᠪᠢᠨ ᠲᠤᠯᠭᠠᠷᠠᠬᠤ ᠪᠤᠯᠪᠠᠴᠥ ᠡᠷᠬᠡ ᠴᠢᠯᠦᠭᠡᠲᠡᠢ ᠪᠥᠭᠡᠳ ᠥᠪᠡᠷ ᠤᠨ ᠳᠤᠷᠠᠲᠠᠢ ᠶᠠᠭᠤᠮ᠎ᠠ ᠪᠠᠨ ᠬᠢᠵᠦ ᠲᠡᠶᠢᠯᠤᠨ᠎ᠠ᠃ ᠡᠨᠡ ᠪᠣᠯ 23 ᠨᠠᠰᠤᠲᠠᠢ ᠵᠠᠯᠠᠭᠤ ᠦᠢᠯᠡᠰ ᠪᠦᠲᠦᠭᠡᠭᠴᠢ ᠳᠡᠭᠵᠢᠷᠡ ᠶᠢᠨ ᠰᠡᠳᠬᠢᠯ ᠤᠨ ᠦᠭᠡ᠃ ᠮᠥᠨ ᠴᠸ ᠦᠢ ᠲᠦᠮᠡᠨ ︽2000 ᠣᠨ ᠠᠴᠠ ᠰᠡᠭᠦᠯᠡᠷ ᠲᠥᠷᠥᠭᠰᠡᠨ︾ ᠵᠠᠯᠠᠭᠤᠴᠤᠳ ᠤᠨ ᠠᠵᠢᠯ ᠠᠮᠢᠳᠤᠷᠠᠯ ᠳᠠᠭᠠᠨ ᠬᠠᠨᠳᠤᠬᠤ ᠪᠠᠶᠠᠰᠤᠩᠭᠤᠢ ᠣᠪᠣᠷ᠂ ᠬᠦᠰᠡᠯ ᠵᠣᠷᠢᠯᠲᠠ ᠶᠢᠨ ᠢᠶᠠᠨ ᠲᠥᠯᠥᠭᠡ ᠵᠣᠷᠢᠭᠲᠠᠢ ᠲᠡᠮᠡᠦᠯᠬᠦ ᠡᠷᠴᠢ ᠵᠣᠷᠢᠭ ᠤᠨ ᠬᠢᠨᠢ ᠴᠤᠤᠷᠢᠶᠠᠲᠤᠯ ᠪᠤᠯᠬᠤ ᠶᠤᠮ᠃ 
2青春铸梦——00后创业纪︱德格吉日:热爱成为职业,美食化为生活.jpg
      ᠳᠡᠭᠵᠢᠷᠡ ᠦᠦᠰᠢᠨ ᠬᠤᠰᠢᠭᠤᠨ ᠤ ᠭᠠᠯᠠᠭᠠᠤᠳᠤ ᠪᠠᠯᠭᠠᠰᠤ ᠶᠢᠨ ᠬᠥᠬᠡᠲᠣᠯᠣᠭᠠᠢ ᠭᠠᠴᠠᠭ᠎ᠠ ᠪᠠᠷ ᠨᠤᠲᠤᠭᠲᠠᠢ᠃ ᠲᠡᠷᠡ ᠬᠡᠳᠦᠶᠢᠪᠡᠷ ᠰᠠᠶ᠋ᠢᠬᠠᠨ ᠠᠶᠢᠯ ᠭᠡᠷ ᠪᠣᠯᠵᠤ᠂ ᠲᠥᠡᠭᠭᠡᠵᠢᠭᠡᠨ ᠦᠢᠯᠡᠰ ᠪᠦᠲᠦᠭᠡᠬᠦ ᠵᠠᠮ ᠢᠶᠠᠷ ᠵᠠᠮᠨᠠᠵᠤ ᠪᠠᠶᠢᠭ᠎ᠠ ᠪᠤᠯᠪᠠᠴᠥ ᠢᠲᠡᠭᠡᠯ ᠤᠨ ᠭᠡᠭᠡ ᠲᠠᠢ ᠠᠮᠢᠳᠤᠷᠠᠯ ᠳᠠᠭᠠᠨ ᠥᠭᠡᠳᠡᠷᠬᠡᠭ ᠪᠤᠳᠤᠯ ᠢᠶᠠᠷ ᠮᠠᠷᠭᠠᠰᠢ ᠪᠠᠨ ᠤᠭᠲᠤᠵᠤ᠂ ᠬᠦᠰᠡᠵᠦ ᠰᠠᠨᠠᠭᠰᠠᠨ ᠠᠵᠢᠯ ᠦᠢᠯᠡᠰ ᠢᠶᠠᠷ ᠢᠶᠠᠨ ᠠᠮᠢᠳᠤᠷᠠᠯ ᠢᠶᠠᠨ ᠴᠣᠭᠴᠠᠯᠠᠵᠤ ᠶᠠᠪᠤᠭ᠎ᠠ ᠵᠢᠪᠬᠤᠭᠠᠲᠤ ᠵᠠᠯᠠᠭᠤᠰ ᠤᠨ ᠨᠢᠭᠡ ᠶᠤᠮ᠃ 
3青春铸梦——00后创业纪︱德格吉日:热爱成为职业,美食化为生活.jpg
      ᠳᠡᠭᠵᠢᠷᠡ 2021 ᠣᠨ ᠳᠤ ᠥᠪᠥᠷ ᠮᠣᠩᠭᠤᠯ ᠤᠨ ᠦᠨᠳᠦᠰᠦᠲᠡᠨ ᠤ ᠴᠡᠴᠡᠷᠯᠢᠭ ᠤᠨ ᠪᠠᠭᠰᠢ ᠶᠢᠨ ᠲᠤᠰᠬᠠᠢ ᠮᠡᠷᠭᠡᠵᠢᠯ ᠤᠨ ᠳᠡᠭᠡᠳᠦ ᠰᠤᠷᠭᠠᠭᠤᠯᠢ  ᠠᠴᠠ ᠪᠥᠵᠢᠭ ᠤᠨ ᠮᠡᠷᠭᠡᠵᠢᠯ ᠢᠶᠠᠷ ᠲᠡᠭᠦᠰᠴᠦ᠂ ᠠᠯᠪᠠᠳᠠᠨ ᠪᠤᠯᠬᠤ ᠪᠠᠷ ᠬᠤᠶᠠᠷ ᠵᠢᠯ ᠬᠢᠷᠢᠲᠡᠢ ᠰᠢᠯᠭᠠᠯᠲᠠ ᠳᠤ ᠤᠷᠤᠯᠴᠠᠵᠥ ᠪᠠᠶᠢᠭᠰᠠᠨ ᠢᠶᠠᠨ ︽ᠭᠠᠭᠴᠠ ᠮᠣᠳᠣᠨ ᠬᠥᠭᠦᠷᠭᠡ︾ ᠪᠠᠷ ᠰᠢᠬᠠᠯᠳᠤᠬᠤ ᠪᠠᠨ ᠪᠣᠯᠢᠨ᠂ ᠥᠪᠡᠷ ᠢᠶᠠᠨ ᠶᠠᠭᠤ ᠶᠢ ᠨᠢᠭᠡ ᠶᠢ ᠬᠢᠵᠦ ᠪᠦᠲᠦᠭᠡᠬᠦ ᠬᠦᠰᠡᠯ ᠤᠷᠭᠤᠵᠠᠢ᠃ ᠰᠡᠭᠦᠯᠡᠷ ᠨᠢ ᠨᠠᠶᠢᠵᠠ ᠵᠠᠯᠠᠭᠤ ᠬᠠᠶᠢᠷᠬᠠᠨ ᠲᠠᠢ ᠪᠠᠨ ᠠᠭᠤᠳᠠᠮ ᠬᠤᠷᠸ᠎ᠠ ᠶᠢᠨ ᠵᠠᠢ ᠳᠤ ᠤᠴᠠᠷᠠᠨ ᠲᠠᠨᠢᠯᠴᠠᠵᠤ 2023 ᠣᠨ ᠳᠤ ᠲᠣᠭᠤᠨᠣᠲᠤ ᠭᠡᠷ ᠲᠡᠭᠡᠨ ᠲᠣᠯᠣᠭᠠᠢ ᠬᠤᠯᠪᠣᠵᠤ ᠲᠣᠭᠤᠭ᠎ᠠ ᠲᠠᠢ ᠬᠤᠭᠤᠯᠠᠨ ᠳᠠᠭᠠᠨ ᠬᠤᠰᠢᠭᠤ ᠨᠡᠶᠢᠯᠡᠭᠦᠯᠦᠨ ᠠᠶᠢᠯ ᠭᠡᠷ ᠪᠣᠯᠤᠭᠰᠠᠨ ᠪᠢᠯᠡ᠃ ᠳᠡᠭᠵᠢᠷᠡ ᠶᠢᠨ ᠨᠥᠬᠦᠷ ᠬᠠᠶᠢᠷᠬᠠᠨ ᠨᠢ ᠬᠡᠳᠦᠶᠢᠪᠡᠷ ︽1990 ᠣᠨ ᠠᠴᠠ ᠬᠤᠶᠢᠰᠢ ᠲᠥᠷᠥᠭᠰᠡᠳ︾ ᠤᠨ ᠡ᠊ᠡᠭᠨᠡᠭᠡᠨ ᠳᠤ ᠪᠠᠶᠢᠭ᠎ᠠ ᠴᠸ ᠦᠵᠡᠯᠲᠡ ᠪᠤᠳᠤᠯ ᠠᠳᠠᠯᠢ ᠲᠡᠳᠡ ᠬᠤᠶᠠᠭᠤᠯᠠ ᠶᠢᠨ ᠠᠵᠢᠯ ᠠᠮᠢᠳᠤᠷᠠᠯ  ᠨᠢ ᠥᠭᠡᠳᠡ ᠲᠠᠢ ᠥᠩᠭᠡ ᠲᠠᠢ᠂ ᠠᠵᠠ ᠵᠢᠷᠭᠠᠯ ᠢᠶᠠᠷ ᠪᠢᠯᠬᠠᠵᠤ ᠪᠠᠶᠢᠯ᠎ᠠ᠃ 
4青春铸梦——00后创业纪︱德格吉日:热爱成为职业,美食化为生活.jpg
      ᠳᠡᠭᠵᠢᠷᠡ ᠬᠠᠶᠢᠷᠬᠠᠨ ᠬᠤᠶᠠᠭᠤᠯᠠ ᠫᠢᠽᠠ ᠢᠳᠡᠬᠦ ᠳᠤᠷᠠᠲᠠᠢ ᠤᠴᠢᠷ ᠠᠴᠠ ᠭᠠᠳᠠᠭᠰᠢ ᠳᠣᠲᠣᠭᠰᠢ ᠶᠠᠪᠤᠪᠠᠯ ᠡᠸᠦ᠋ᠷᠦᠫᠡ ᠬᠤᠭᠤᠯᠠᠨ ᠭᠡᠷ ᠤᠳ ᠤᠨ ᠥᠷᠭᠦᠯᠵᠢ ᠶᠢᠨ ᠵᠣᠴᠢᠨ ᠪᠤᠯᠳᠠᠭ᠃ ᠡᠶᠢᠨ ᠬᠦ ᠲᠡᠳᠡ ᠬᠤᠶᠠᠭᠤᠯᠠ ᠪᠠᠨ ᠡᠸᠦ᠋ᠷᠦᠫᠡ ᠬᠤᠭᠤᠯᠠᠨ ᠭᠡᠷ ᠨᠡᠭᠡᠭᠡᠬᠦ ᠪᠠᠷ ᠰᠠᠨᠠᠯ ᠨᠢᠭᠡᠳᠴᠦ᠂ ᠵᠠᠯᠠᠭᠤ ᠬᠥᠮᠥᠨ ᠤ ᠰᠢᠢᠳᠮᠡᠬᠡᠢ ᠵᠣᠷᠢᠭ ᠢᠶᠠᠷ 2023 ᠣᠨ ᠤ 6 ᠰᠠᠷ᠎ᠠ ᠳᠤ ᠭᠤᠸᠠᠩᠵᠧᠦ ᠬᠤᠳᠠ ᠳᠤ ᠣᠴᠢᠵᠤ᠂ ᠰᠠᠷ᠎ᠠ ᠬᠢᠷᠢᠲᠡᠢ ᠡᠸᠦ᠋ᠷᠦᠫᠡ ᠬᠤᠭᠤᠯᠠ ᠬᠢᠬᠦ ᠠᠷᠭ᠎ᠠ ᠮᠡᠷᠭᠡᠵᠢᠯ ᠢ ᠰᠢᠰᠲ᠋ᠧᠮ ᠲᠠᠢ ᠰᠤᠷᠤᠯᠴᠠᠨ᠂ ᠬᠤᠶᠢᠰᠢᠳᠠ ᠶᠢᠨ ᠬᠤᠭᠤᠯᠠᠨ ᠭᠡᠷ ᠨᠡᠭᠡᠭᠡᠬᠦ ᠬᠦᠰᠡᠯ ᠵᠦᠭ ᠢᠶᠠᠨ ᠤᠯᠠᠮ ᠨᠢᠭᠡ ᠠᠯᠬᠤᠮ ᠣᠶᠢᠷᠠᠳᠴᠠᠢ᠃ 
6青春铸梦——00后创业纪︱德格吉日:热爱成为职业,美食化为生活.jpg
      ᠬᠠᠷᠢᠵᠤ ᠢᠷᠡᠭᠰᠡᠨ ᠤ ᠲᠠᠷᠠᠭ᠎ᠠ᠂ ᠳᠡᠭᠵᠢᠷᠡ ᠬᠠᠶᠢᠷᠬᠠᠨ ᠬᠤᠶᠠᠭᠤᠯᠠ ᠬᠤᠭᠤᠯᠠᠨ ᠭᠡᠷ ᠢᠶᠠᠨ ᠨᠡᠭᠡᠭᠡᠬᠦ ᠭᠠᠵᠠᠷ ᠢ ᠮᠠᠨ ᠤ ᠬᠤᠰᠢᠭᠤᠨ ᠤ ᠲᠥᠪ ᠭᠠᠯᠠᠭᠤᠲᠤ ᠪᠠᠯᠭᠠᠰᠤᠨ ᠳᠤ ᠰᠣᠩᠭᠤᠵᠤ᠂ ᠤᠶᠢᠯᠡᠰ ᠪᠣᠰᠬᠠᠬᠤ ᠠᠩᠬᠠᠨ ᠤ ᠭᠠᠷᠤᠭ᠎ᠠ ᠪᠠᠨ ᠡᠬᠢᠯᠡᠭᠦᠯᠵᠡᠢ᠃ ᠭᠠᠵᠠᠷ ᠰᠣᠩᠭᠤᠵᠤ ᠬᠤᠭᠤᠯᠠᠨ ᠭᠡᠷ ᠢᠶᠠᠨ ᠵᠠᠰᠠᠵᠤ ᠴᠢᠮᠡᠭᠯᠡᠭᠡᠳ 4 ᠰᠠᠷ᠎ᠠ ᠶᠢᠨ ᠬᠤᠭᠤᠴᠠᠭ᠎ᠠ ᠵᠠᠷᠤᠵᠤ᠂ ᠭᠡᠷ ᠤᠨ ᠲᠦᠷᠢᠶᠡᠰᠦᠨ ᠮᠥᠩᠭᠦ ᠠᠴᠠ ᠠᠪᠤᠭᠠᠳ ᠮᠠᠰᠢᠨ ᠲᠣᠨᠣᠭᠯᠠᠯ ᠬᠤᠳᠠᠯᠳᠤᠨ ᠠᠪᠬᠤ᠂ ᠵᠠᠰᠠᠯ ᠴᠢᠮᠡᠭᠯᠡᠯ ᠬᠢᠬᠦ ᠭᠦᠷᠳᠡᠯ᠎ᠠ ᠪᠠᠷᠤᠭ ᠭᠤᠴᠢᠭᠠᠳ ᠲᠦᠮᠡᠨ ᠲᠥᠭᠦᠷᠢᠭ ᠤᠨ ᠪᠡᠯᠡ ᠮᠥᠩᠭᠦ ᠣᠷᠣᠭᠤᠯᠵᠤ᠂ 2023 ᠣᠨ ᠤ 11 ᠰᠠᠷ᠎ᠠ ᠳᠤ ︽ᡁᠢ ᠢᠦᠢ ︾ ᠡᠸᠦ᠋ᠷᠦᠫᠡ ᠬᠤᠭᠤᠯᠠᠨ ᠭᠡᠷ ᠤᠨ ᠢᠶᠠᠨ ᠡᠭᠦᠳᠡ ᠶᠢ ᠰᠡᠬᠦᠵᠦ ᠵᠣᠴᠢᠨ ᠢᠶᠠᠨ ᠤᠭᠲᠤᠵᠤ ᠡᠬᠢᠯᠡᠭᠰᠡᠨ ᠪᠠᠶᠢᠨ᠎ᠠ᠃ ᠣᠳᠣᠬᠠᠨ ᠳᠤ ᠲᠡᠳᠡᠨ ᠤ ᠬᠤᠭᠤᠯᠠᠨ ᠭᠡᠷ  ᠲᠤ ᠫᠢᠽᠠ᠂ ᠢᠲ᠋ᠠᠯᠢ ᠭᠤᠯᠢᠷ᠂ ᠬᠠᠭᠠᠷᠢᠭᠰᠠᠨ ᠦᠬᠡᠷ ᠤᠨ ᠬᠠᠪᠢᠷᠭ᠎ᠠ᠂ ᠰᠢᠷᠠᠭᠰᠠᠨ ᠲᠠᠭᠢᠶ᠎ᠠ ᠶᠢᠨ ᠮᠢᠬ᠎ᠠ ᠵᠡᠷᠭᠡ ᠬᠤᠭᠤᠯᠠ ᠪᠠᠷ ᠭᠤᠣᠯᠯᠠᠵᠤ ᠪᠤᠢ᠃ 
7青春铸梦——00后创业纪︱德格吉日:热爱成为职业,美食化为生活.jpg
      ᠳᠡᠭᠵᠢᠷᠡ ᠬᠤᠭᠤᠯᠠᠨ ᠭᠡᠷ ᠢᠶᠠᠨ ᠨᠡᠭᠡᠭᠡᠬᠦ ᠳᠤ ᠴᠸ ᠮᠠᠰᠢ ᠤᠯᠠᠨ ᠵᠠᠯᠠᠭᠤ ᠦᠢᠯᠡᠰ ᠪᠦᠲᠦᠭᠡᠭᠴᠢ ᠲᠠᠢ ᠠᠳᠠᠯᠢ ᠪᠠᠷ ᠪᠡᠯᠡ ᠮᠥᠩᠭᠦ ᠬᠤᠮᠰᠠᠳᠠᠬᠤ᠂ ᠠᠪᠤ ᠡᠵᠢ ᠲᠠᠢ ᠪᠠᠨ ᠰᠠᠨᠠᠭ᠎ᠠ ᠪᠤᠳᠤᠯ ᠨᠡᠶᠢᠴᠡᠬᠦ ᠦᠭᠡᠢ ᠪᠠᠶᠢᠬᠤ ᠵᠡᠷᠭᠡ ᠬᠦᠴᠢᠷᠳᠡᠯ ᠤᠳ ᠲᠤᠯᠭᠠᠷᠠᠵᠤ ᠪᠠᠶᠢᠪᠠ᠃ ᠰᠡᠭᠦᠯᠡᠷ ᠨᠢ ᠲᠡᠳᠡ ᠠᠵᠢᠯ ᠦᠢᠯᠡᠰ ᠨᠡᠯᠢᠶᠡᠳ ᠪᠦᠳᠤᠮᠵᠢᠳᠠᠢ ᠪᠣᠯᠵᠤ᠂ ᠵᠠᠮ ᠮᠥᠷ ᠲᠡᠭᠡᠨ ᠣᠷᠣᠭᠰᠠᠨ ᠪᠣᠯᠬᠤᠷ ᠠᠪᠤ ᠡᠵᠢ ᠴᠸ ᠭᠥᠯᠢᠶᠡᠨ ᠵᠥᠪᠰᠢᠶᠡᠷᠴᠥ᠂ ᠵᠣᠷᠢᠭᠵᠢᠭᠤᠯᠬᠤ ᠪᠣᠯᠤᠭᠰᠠᠨ ᠬᠡᠳᠡᠭ᠃      ᠰᠢᠨ᠎ᠡ ᠶᠢ ᠡᠭᠦᠳᠬᠦ ᠪᠣᠯ ᠰᠢᠨ᠎ᠡ ᠴᠠᠭ ᠦᠶ᠎ᠡ ᠶᠢᠨ ᠵᠠᠯᠠᠭᠤᠴᠤᠳ ᠤᠨ ᠬᠡᠪ ᠨᠠᠮᠪᠠ ᠮᠥᠷᠲᠡᠭᠡᠨ ᠠᠮᠵᠢᠯᠲᠠ ᠶᠢᠨ ᠬᠢᠨᠢ ᠤᠪᠠᠳᠢᠰ᠃ ᠲᠡᠳᠡ ᠬᠤᠶᠠᠭᠤᠯᠠ  ᠪᠠᠨ ᠡᠸᠦ᠋ᠷᠦᠫᠡ ᠬᠤᠭᠤᠯᠠ ᠪᠠ ᠤᠯᠠᠮᠵᠢᠯᠠᠯᠲᠤ ᠴᠠᠭᠠᠨ ᠢᠳᠡᠭᠡᠨ ᠢ ᠠᠭᠤᠰᠤᠯᠴᠠᠭᠤᠯᠤᠭᠰᠠᠨ ᠰᠢᠨ᠎ᠡ ᠢᠳᠡᠭᠡᠨ ᠤ ᠲᠥᠷᠥᠯ ᠢ ᠡᠭᠦᠳᠦᠨ ᠬᠢᠬᠦ ᠪᠠᠷ ᠴᠢᠷᠮᠠᠶᠢᠨ ᠰᠤᠳᠤᠯᠵᠤ᠂ ᠨᠡᠯᠢᠶᠡᠳ ᠣᠯᠠᠨ ᠬᠤᠭᠤᠯᠠᠨ ᠭᠡᠷ ᠤᠨ ᠬᠤᠭᠤᠯᠠ ᠶᠢ ᠠᠮᠰᠠᠨ᠂ ᠬᠠᠷᠢᠵᠤ ᠢᠷᠡᠭᠰᠡᠨ ᠤ ᠲᠠᠷᠠᠭ᠎ᠠ ᠥᠪᠡᠷ ᠢᠶᠠᠨ ᠤᠯᠠᠨ ᠤᠳᠠᠭ᠎ᠠ ᠲᠤᠷᠰᠢᠨ ᠬᠢᠭᠰᠡᠨ ᠤ ᠰᠠᠭᠤᠷᠢᠨ ᠳᠡᠭᠡᠷ᠎ᠡ ᠪᠠᠨ ᠤᠯᠠᠮ ᠨᠢᠭᠡ ᠠᠯᠬᠤᠮ ᠰᠠᠶᠢᠵᠢᠷᠠᠭᠤᠯᠳᠠᠭ ᠪᠠᠶᠢᠯ᠎ᠠ᠃ ᠣᠳᠣᠬᠠᠨ ᠳᠤ ᠲᠡᠳᠡᠨ ᠤ ᠬᠤᠭᠤᠯᠠᠨ ᠭᠡᠷ ᠤᠨ ᠥᠷᠦᠮ᠎ᠡ ᠲᠠᠢ ᠫᠢᠽᠠ᠂ ᠬᠤᠷᠤᠳ ᠲᠠᠢ ᠫᠢᠽᠠ᠂ ᠵᠦᠭᠡᠭᠡᠢ ᠲᠠᠢ ᠢᠲ᠋ᠠᠯᠢ ᠭᠤᠯᠢᠷ ᠵᠡᠷᠭᠡ ᠰᠢᠨ᠎ᠡ ᠢᠳᠡᠭᠡᠨ ᠤ ᠲᠥᠷᠥᠯ ᠵᠦᠢᠯ ᠤᠳ ᠤᠯᠠᠮ ᠬᠦᠮᠦᠰ ᠤᠨ ᠲᠠᠭᠠᠰᠢᠶᠠᠯ ᠢ ᠣᠯᠬᠤ ᠪᠣᠯᠵᠠᠢ᠃      ︽ᠵᠣᠷᠢᠭ ᠪᠠᠶᠢᠪᠠᠯ ᠵᠣᠷᠢᠭᠰᠠᠨ ᠳᠠᠭᠠᠨ︾ ᠭᠡᠳᠡᠭᠴᠢᠯᠡᠨ ᠳᠡᠭᠵᠢᠷᠡ ᠬᠠᠶᠢᠷᠬᠠᠨ ᠬᠤᠶᠠᠭᠤᠯᠠ ᠥᠷᠯᠥᠭᠡ ᠡᠷᠲᠡ ᠭᠡᠷ ᠠᠴᠠ ᠪᠠᠨ ᠭᠠᠷᠪᠠᠯ ᠦᠳᠡᠰᠢ ᠣᠷᠣᠢ ᠬᠠᠷᠢᠵᠤ᠂ ᠡᠳᠦᠷ ᠪᠦᠷᠢ ᠶᠢ ᠶᠠᠭᠠᠷᠠᠯᠲᠠᠶᠢᠬᠠᠨ ᠥᠩᠭᠡᠷᠡᠭᠦᠯᠳᠡᠭ ᠴᠸ ᠳᠤᠷᠠᠲᠠᠢ ᠵᠦᠢᠯ ᠢᠶᠠᠨ ᠬᠢᠵᠦ ᠶᠠᠪᠤᠭ᠎ᠠ ᠪᠣᠯᠬᠤᠷ ᠶᠠᠳᠠᠷᠠᠯ ᠵᠦᠳᠡᠷᠡᠯ ᠤᠨ ᠡᠮᠦᠨ᠎ᠡ ᠶᠡᠷᠦ ᠠᠴᠠ ᠵᠣᠷᠢᠭ ᠮᠣᠬᠤᠭ᠎ᠠ ᠦᠭᠡᠢ᠃ ᠲᠡᠳᠡ ᠬᠤᠭᠤᠯᠠ ᠪᠤᠳᠠᠭ᠎ᠠ ᠬᠢᠬᠦ ᠳᠡᠭᠡᠨ ᠴᠢᠨᠠᠷᠯᠢᠭ᠂ ᠰᠢᠨ᠎ᠡ ᠰᠣᠷᠭᠤᠭ ᠲᠦᠭᠦᠬᠡᠢ ᠡᠳ᠋ ᠢ ᠬᠡᠷᠡᠭᠯᠡᠵᠦ᠂ ᠣᠯᠠᠩᠬᠢ ᠬᠤᠭᠤᠯᠠ ᠶᠢ ᠴᠠᠭ ᠳᠠᠷᠤᠢ ᠳᠤᠨᠢ ᠪᠡᠯᠡᠳᠬᠡᠵᠦ ᠬᠢᠳᠡᠭ᠃ ᠫᠢᠽᠠ ᠶᠢᠨ ᠭᠤᠯᠢᠷ ᠢᠶᠠᠷ ᠵᠢᠱᠢᠶᠡᠯᠡᠬᠦ ᠳᠤ᠂ ᠤᠷᠢᠳᠤ ᠰᠥᠨᠢ ᠨᠢ ᠪᠡᠯᠡᠳᠬᠡᠳᠡᠭ ᠤᠴᠢᠷ ᠠᠴᠠ ᠶᠠᠳᠠᠷᠠᠯᠲᠠᠢ ᠮᠥᠷᠲᠡᠭᠡᠨ ᠭᠦᠳᠡᠯᠮᠤᠷᠢ ᠶᠡᠭᠡ ᠵᠠᠷᠤᠴᠠᠭᠤᠯᠳᠠᠭ ᠪᠠᠶᠢᠯ᠎ᠠ᠃ ᠶᠠᠭ ᠡᠶᠢᠨ ᠬᠦ ᠬᠤᠭᠤᠯᠠᠨ ᠤ ᠦᠨᠦᠷ ᠠᠮᠲᠠ ᠶᠢ ᠪᠠᠲᠤᠯᠠᠵᠤ ᠢᠷᠡᠭᠰᠡᠨ ᠠᠴᠠ ᠢᠷᠡᠬᠦ ᠵᠣᠴᠢᠳ ᠴᠸ ᠤᠯᠠᠮ ᠢᠶᠠᠷ ᠣᠯᠠᠰᠢᠷᠠᠵᠤ᠂ ᠡᠵᠡᠩᠨᠡᠯᠲᠡ ᠨᠡᠩ ᠰᠠᠶᠢᠵᠢᠷᠠᠭᠰᠠᠨ ᠪᠠᠶᠢᠯ᠎ᠠ᠃      ᠰᠦᠯᠵᠢᠶ᠎ᠡ ᠶᠢ ᠪᠦᠳᠤᠮᠵᠢᠳᠠᠢ ᠠᠰᠢᠭᠯᠠᠵᠤ ᠴᠢᠳᠠᠳᠠᠭ ᠨᠢ ᠣᠳᠣᠬᠠᠨ ᠤ ᠵᠠᠯᠠᠭᠤᠰ ᠤᠨ ᠨᠢᠭᠡᠨ ᠢᠯᠡ ᠲᠣᠳᠣ ᠣᠨᠴᠠᠯᠢᠭ ᠪᠥᠭᠡᠳ ᠳᠡᠭᠵᠢᠷᠡ ᠶᠢᠨ ᠪᠡᠶ᠎ᠡ ᠳᠡᠭᠡᠷ᠎ᠡ ᠴᠸ ᠢᠯᠡᠷᠬᠡᠢ ᠬᠠᠷᠠᠭᠳᠠᠵᠤ ᠪᠠᠶᠢᠯ᠎ᠠ᠃ ᠲᠡᠷᠡ ᠬᠤᠭᠤᠯᠠᠨ ᠭᠡᠷ ᠢᠶᠠᠨ ᠵᠠᠰᠠᠵᠤ ᠴᠢᠮᠡᠭᠯᠡᠵᠦ ᠡᠬᠢᠯᠡᠮᠡᠭᠴᠡ ᠵᠢᠷᠭᠢᠶ᠎ᠡ᠂ tik tok ᠳᠡᠭᠡᠷ᠎ᠡ ᠡᠳᠦᠷ ᠲᠤᠳᠤᠮ ᠤᠨ ᠠᠮᠢᠳᠤᠷᠠᠯ ᠤᠨ vlog ᠪᠠᠨ ᠨᠡᠶᠢᠲᠡᠯᠡᠵᠦ᠂ ᠨᠡᠯᠢᠶᠡᠳ ᠤᠯᠠᠨ ᠲᠠᠭᠠᠭᠴᠢ ︵ᠠᠩᠬᠠᠷᠤᠭᠴᠢ︶ ᠲᠠᠢ ᠪᠣᠯᠤᠭᠰᠠᠨ ᠪᠠᠶᠢᠪᠠ᠃ ᠬᠤᠭᠤᠯᠠᠨ ᠭᠡᠷ ᠢᠶᠠᠨ ᠡᠵᠡᠩᠨᠡᠭᠰᠡᠨ ᠤ ᠲᠠᠷᠠᠭ᠎ᠠ ᠴᠸ ᠥᠷᠭᠦᠯᠵᠢᠯᠡᠨ vlog ᠰᠡᠭᠦᠳᠡᠷᠯᠡᠨ ᠰᠢᠩᠭᠡᠭᠡᠵᠦ ᠨᠡᠶᠢᠲᠡᠯᠡᠳᠡᠭ ᠢᠶᠠᠷ ᠪᠠᠷᠠᠬᠤ ᠦᠭᠡᠢ ᠪᠠᠰᠠ ᠰᠦᠯᠵᠢᠶᠡᠨ ᠤ ᠵᠠᠬᠢᠶᠠᠯᠠᠭ᠎ᠠ ᠶᠢᠨ ᠬᠤᠭᠤᠯᠠ ᠶᠢ ᠲᠤᠰᠳᠠᠭ ᠪᠣᠯᠬᠤᠷ ᠤᠷᠤᠯᠭ᠎ᠠ ᠨᠢ ᠤᠯᠠᠮ ᠰᠠᠶᠢᠨ ᠪᠣᠯᠣᠭᠰᠠᠨ ᠪᠢᠯᠡ᠃
ᠢᠷᠡᠯᠲᠡ᠄ ᠲᠤᠯᠠᠭᠠᠨ ᠮᠡᠳᠡᠭᠡ