︽ᠷᠠᠰᠢᠶᠠᠨ ᠵᠣᠭᠤᠭ︾ ᠬᠤᠭᠤᠯᠠᠨ ᠭᠡᠷ ᠨᠠᠰᠤᠳᠠᠶᠢᠴᠤᠳ ᠲᠤ ᠬᠤᠭᠤᠯᠠᠨ ᠤ ᠨᠥᠬᠦᠪᠦᠷᠢ ᠣᠯᠭᠤᠬᠤ ᠪᠣᠯᠤᠯ᠎ᠠ︕
ᠨᠡᠶᠢᠲᠡᠯᠡᠭᠰᠡᠨ ᠴᠠᠭ᠄
2024/5/14
      ︽ᠦᠦᠰᠢᠨ ᠬᠤᠰᠢᠭᠤᠨ ᠤ ᠨᠠᠰᠤᠲᠠᠶᠢᠴᠣᠳ ᠤᠨ ᠬᠤᠭᠤᠯᠠᠨ ᠭᠡᠷ ᠲᠤ ᠬᠤᠭᠤᠯᠠᠯᠠᠪᠠᠯ ᠨᠥᠬᠦᠪᠦᠷᠢ ᠥᠭᠬᠦ ᠲᠦᠷᠦ ᠶᠢᠨ ᠪᠣᠳᠣᠯᠭ᠎ᠠ︾ ᠶᠣᠰᠤᠭᠠᠷ᠂ ᠪᠦᠬᠦᠯᠢ 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠤᠨ ᠨᠢᠭᠡ ᠡᠷᠡᠨ ᠤ ᠬᠤᠭᠤᠯᠠᠨ ᠳᠤ ᠬᠠᠮᠤᠭ ᠦᠨᠳᠦᠷ ᠲᠡᠭᠡᠨ 6 ᠲᠥᠭᠦᠷᠢᠭ ᠨᠥᠬᠦᠪᠦᠷᠢᠯᠡᠬᠦ ᠪᠠᠷ ᠪᠠᠶᠢᠨ᠎ᠠ᠃
1.jpg
      ᠬᠤᠭᠤᠯᠠᠨ ᠨᠥᠬᠦᠪᠦᠷᠢ ᠶᠢᠨ ᠳᠣᠳᠣᠷᠬᠠᠶᠢᠯᠠᠯ᠄      1. ᠬᠤᠭᠤᠯᠠᠨ ᠤ ᠨᠥᠬᠦᠪᠦᠷᠢ᠄ ᠦᠦᠰᠢᠨ ᠬᠤᠰᠢᠭᠤᠨ ᠤ ᠡᠷᠦᠬᠡ ᠠᠮᠠ ᠶᠢᠨ ᠲᠠᠩᠰᠠ ᠲᠠᠢ ᠪᠠᠶᠢᠬᠤ ᠪᠥᠭᠡᠳ ᠲᠤᠤᠷᠠᠬᠢ ᠨᠥᠬᠦᠴᠡᠯ ᠠᠴᠠ ᠨᠢᠭᠡ ᠲᠠᠢ  ᠨᠢ ᠨᠠᠶᠢᠴᠠᠪᠠᠯ᠂ ᠬᠤᠭᠤᠯᠠᠨ ᠤ ᠨᠥᠬᠦᠪᠦᠷᠢ ᠬᠦᠷᠳᠡᠵᠦ ᠪᠣᠯᠣᠨ᠎ᠠ᠂ ᠨᠥᠬᠦᠪᠦᠷᠢ ᠶᠢᠨ ᠪᠠᠷᠢᠮᠵᠢᠶ᠎ᠠ ᠨᠢ ᠦᠨᠳᠦᠷ ᠪᠠᠶᠢᠬᠤ ᠵᠠᠷᠴᠢᠮ ᠢ ᠠᠪᠴᠤ᠂ ᠲᠠᠪᠬᠤᠷᠳᠠᠭᠤᠯᠤᠨ ᠬᠦᠷᠳᠡᠭᠡᠬᠦ ᠦᠭᠡᠢ᠃
2.jpg
3.jpg
      2. ᠵᠠᠭᠤᠨ ᠨᠠᠰᠤᠲᠠᠢ ᠨᠠᠰᠤᠲᠠᠶᠢᠴᠣᠳ ᠤᠨ ᠭᠤᠷᠪᠠᠨ ᠡᠷᠡᠨ ᠤ ᠬᠤᠭᠤᠯᠠ ᠴᠥᠮ ᠦᠨ᠎ᠡ ᠲᠥᠯᠦᠪᠦᠷᠢ ᠦᠭᠡᠢ᠃      3. ᠣᠨᠴᠠ ᠬᠦᠴᠢᠷᠳᠡᠯᠳᠡᠢ ᠬᠦᠮᠦᠨ᠂ 60 ᠨᠠᠰᠤ ᠪᠤᠶᠤ 60 ᠨᠠᠰᠣᠨ ᠠᠴᠠ ᠳᠡᠭᠡᠭᠰᠢᠬᠢ ᠬᠦᠨᠳᠦ ᠵᠡᠮᠳᠡᠭ ᠪᠣᠶᠣ ᠬᠦᠴᠢᠷᠳᠡᠯᠳᠡᠢ ᠵᠡᠮᠳᠡᠭ ᠬᠦᠮᠦᠨ  ᠳᠤ ᠲᠤᠰᠪᠤᠷᠢ ᠥᠷᠯᠦᠭᠡ ᠶᠢᠨ ᠬᠤᠭᠤᠯᠠ 3 ᠲᠥᠭᠦᠷᠢᠭ᠂ ᠦᠳᠡ ᠶᠢᠨ ᠬᠤᠭᠤᠯᠠ 6 ᠲᠥᠭᠦᠷᠢᠭ᠂ ᠣᠷᠣᠢ ᠶᠢᠨ ᠬᠤᠭᠤᠯᠠ 3 ᠲᠥᠭᠦᠷᠢᠭ ᠢ ᠨᠥᠬᠦᠪᠦᠷᠢᠯᠡᠨ᠎ᠡ᠃
4.jpg
5.jpg
      4. 60 ᠨᠠᠰᠤ ᠵᠢᠴᠢ 60 ᠨᠠᠰᠤᠨ ᠠᠴᠠ ᠳᠡᠭᠡᠭᠰᠢᠬᠢ ᠠᠮᠢᠳᠤᠷᠠᠯ ᠤᠨ ᠪᠠᠳᠤᠯᠠᠭ᠎ᠠ ᠬᠦᠷᠳᠡᠭᠰᠡᠳ ᠤᠨ ᠲᠤ ᠲᠤᠰᠪᠦᠷᠢ ᠥᠷᠯᠦᠭᠡ ᠶᠢᠨ ᠬᠤᠭᠤᠯᠠ 2 ᠲᠥᠭᠦᠷᠢᠭ᠂ ᠦᠳᠡ ᠶᠢᠨ ᠬᠤᠭᠤᠯᠠ 5 ᠲᠥᠭᠦᠷᠢᠭ᠂ ᠣᠷᠣᠢ ᠶᠢᠨ ᠬᠤᠭᠤᠯᠠ 2 ᠲᠥᠭᠦᠷᠢᠭ ᠢ ᠨᠥᠬᠦᠪᠦᠷᠢᠯᠡᠨ᠎ᠡ᠃      5. 60 ᠨᠠᠰᠣᠨ ᠠᠴᠠ ᠳᠡᠭᠡᠭᠰᠢᠬᠢ ᠦᠨᠳᠦᠷ ᠨᠠᠰᠤᠳᠠᠳ ᠤᠨ ᠬᠤᠭᠤᠯᠠᠨ ᠤ ᠨᠥᠬᠦᠪᠦᠷᠢ ᠶᠢᠨ ᠪᠠᠷᠢᠮᠵᠢᠶ᠎ᠠ ᠨᠢ ᠥᠷᠯᠦᠭᠡ ᠶᠢᠨ ᠬᠤᠭᠤᠯᠠ 2 ᠲᠥᠭᠦᠷᠢᠭ᠂ ᠦᠳᠡ ᠶᠢᠨ ᠬᠤᠭᠤᠯᠠ 4 ᠲᠥᠭᠦᠷᠢᠭ᠂ ᠣᠷᠣᠢ ᠶᠢᠨ ᠬᠤᠭᠤᠯᠠ 2 ᠲᠥᠭᠦᠷᠢᠭ ᠪᠣᠯᠣᠨ᠎ᠡ᠃
7.jpg
8.jpg
      6. ᠨᠥᠬᠦᠪᠦᠷᠢ ᠬᠦᠷᠳᠡᠬᠦ ᠬᠦᠮᠦᠰ ᠬᠦᠴᠦᠨ ᠪᠦᠬᠦᠢ ᠦᠨᠡᠮᠯᠠᠯ ᠢᠶᠠᠨ ᠠᠪᠴᠦ ᠤᠶᠢᠷ᠎ᠡ ᠬᠠᠪᠢ ᠶᠢᠨ ᠨᠠᠰᠤᠲᠠᠶᠢᠴᠣᠳ ᠤᠨ ᠲᠤᠰᠠᠯᠠᠬᠤ ᠬᠤᠭᠤᠯᠠᠨ ᠤ ᠴᠡᠭ ᠲᠤ ᠬᠦᠷᠴᠦ ᠮᠡᠳᠡᠭᠡ ᠵᠠᠩᠬᠢ ᠪᠠᠨ ᠲᠠᠩᠰᠠᠯᠠᠭᠤᠯᠬᠤ ᠪᠠ ᠨᠥᠬᠦᠪᠦᠷᠢ ᠣᠯᠬᠤ ᠡᠷᠭᠡ ᠪᠠᠨ ᠪᠠᠳᠤᠯᠠᠭᠤᠯᠤᠨ᠎ᠠ᠃      ᠥᠷᠯᠦᠭᠡ ᠶᠢᠨ ᠬᠤᠭᠤᠯᠠ᠄ 7᠄00 —— 9᠄00      ᠦᠳᠡ ᠶᠢᠨ ᠬᠤᠭᠤᠯᠠ᠄ 11᠄30 —— 13᠄00      ᠣᠷᠣᠢ ᠶᠢᠨ ᠬᠤᠭᠤᠯᠠ᠄ 17᠄30 —— 19᠄00
9.jpg
10.jpg
11.jpg
12.jpg
 
ᠢᠷᠡᠯᠲᠡ᠄ ᠲᠤᠯᠠᠭᠠᠨ ᠮᠡᠳᠡᠭᠡ