ᠨᠠᠮᠢᠷᠠᠭ᠎ᠠ ᠬᠤᠷ᠎ᠠ ᠨᠢ ᠱᠠᠬᠢᠭᠰᠠᠨ ᠨᠠᠶᠢᠷ ᠲᠠᠢ ᠵᠣᠨ ᠤ ᠴᠠᠭ ᠢᠶᠠᠷ ︽ᠲᠡᠭᠦᠰᠭᠦ ᠤᠯᠠᠷᠢᠯ︾ ᠬᠦᠷᠴᠦ ᠢᠷᠡᠳᠡᠭ᠃ ᠰᠤᠶᠤᠯ ᠤᠨ ᠮᠦᠷ ᠢ ᠬᠦᠭᠡᠭᠡᠵᠦ | ᠶᠠᠪᠤᠭ᠎ᠠ ᠵᠠᠯᠠᠭᠤᠴᠤᠳ ᠦᠶᠡᠷᠭᠡᠵᠦ ᠲᠠᠰᠤᠭᠰᠠᠨ ᠦᠶ᠎ᠡ ᠶᠢᠨ ᠨᠡᠶᠢᠵᠠ᠂ ᠡᠷᠬᠢᠨ ᠰᠠᠨᠠᠭᠳᠠᠬᠤ ᠰᠤᠷᠭᠠᠭᠤᠯᠢ ᠶᠢᠨ ᠬᠦᠷᠢᠶᠠᠨ ᠤ ᠠᠮᠢᠳᠤᠷᠠᠯ ᠠᠴᠠ ᠰᠡᠯᠵᠤ᠂ | ᠦᠪᠡᠷ ᠤᠨ ᠬᠦᠰᠡᠯ ᠮᠦᠷᠦᠭᠡᠳᠤᠯ ᠵᠦᠭ ᠢᠶᠠᠨ ᠵᠢᠯᠣᠭᠤ ᠰᠤᠩᠭᠠᠨ ᠲᠠᠪᠬᠢᠳᠠᠭ ᠤᠴᠢᠷᠳᠡᠢ᠃ | | | | | | | | 5 ᠰᠠᠷ᠎ᠠ ᠶᠢᠨ 26 ᠤ ᠡᠳᠤᠷ᠂ ᠮᠠᠨ ᠤ ᠬᠤᠰᠢᠭᠤᠨ ᠤ ᠦᠤᠰᠢᠨ ᠲᠤᠮᠳᠠᠳᠤ ᠰᠤᠷᠭᠠᠭᠤᠯᠢ ᠶᠢᠨ ᠬᠢᠨ ᠲᠡᠭᠡᠳᠤ ᠭᠤᠷᠪᠠ ᠶᠢᠨ ᠰᠤᠷᠤᠭᠴᠢᠳ ᠤᠨ | ᠲᠡᠭᠦᠰᠭᠦ ᠶᠤᠰᠤᠯᠠᠯ ᠢ ᠬᠢᠵᠦ᠂ ︽ᠰᠢᠯᠢᠳᠡᠭ ᠠᠩᠭᠢ ᠶᠢᠨ ᠡᠷᠬᠢᠯᠡᠭᠴᠢ︾᠂ ︽ᠰᠢᠯᠢᠳᠡᠭ ᠲᠡᠭᠦᠰᠦᠭᠰᠡᠨ ᠰᠤᠷᠤᠭᠴᠢ︾ ᠪᠠᠨ ᠱᠠᠩᠨᠠᠨ ᠬᠦᠭᠢᠭᠦᠯᠵᠦ᠂ | ᠰᠤᠷᠤᠭᠴᠢᠳ ᠲᠤ ᠲᠡᠭᠦᠰᠭᠦ ᠦᠨᠡᠮᠯᠡᠯ ᠭᠠᠷᠳᠠᠭᠤᠯᠤᠨ ᠤᠯᠤᠰ ᠤᠨ ᠨᠢᠭᠡᠳᠤᠯᠳᠠᠢ ᠰᠢᠯᠭᠠᠯᠳᠠ ᠳᠤ ᠦᠨᠳᠤᠷ ᠬᠢᠷᠢ ᠪᠦᠳᠤᠮᠵᠢ ᠤᠯᠬᠤ ᠶᠢ ᠨᠢ ᠬᠦᠰᠡᠨ | ᠵᠦᠡᠭᠨᠡᠵᠤ᠂ ᠲᠡᠭᠦᠰᠭᠦ ᠣᠨ ᠤ ᠰᠤᠷᠤᠭᠴᠢᠳ ᠠᠴᠠ ︽ᠠᠯᠳᠠᠨ ᠲᠦᠷᠦᠭᠡ︾ ᠭᠡᠭᠦ ᠰᠤᠷᠭᠠᠭᠤᠯᠢ ᠶᠢᠨ ᠲᠠᠭᠤᠤ ᠪᠠᠨ ᠠᠴᠢᠳᠤ ᠪᠠᠭᠰᠢ᠂ ᠡᠬᠡ | ᠰᠤᠷᠭᠠᠭᠤᠯᠢ ᠳᠠᠭᠠᠨ ᠡᠷᠬᠦᠵᠤ ᠲᠠᠯᠠᠷᠬᠠᠭᠰᠠᠨ ᠰᠡᠳᠬᠢᠯ ᠢᠶᠠᠨ ᠢᠯᠡᠳᠭᠡᠵᠡᠢ᠃ | ᠡᠷᠳᠡᠮ ᠤᠨ ᠠᠷᠢᠭᠤᠨ ᠥᠷᠦᠭᠡᠨ ᠳᠡᠭᠡᠨ | ᠡᠩ ᠦᠭᠡᠢ ᠰᠡᠳᠬᠢᠯ ᠢᠶᠠᠷ ᠲᠠᠰᠤᠯᠴᠠᠭᠰᠠᠨ | ᠰᠤᠶᠤᠯ ᠤᠨ ᠠᠯᠳᠠᠨ ᠲᠦᠷᠦᠭᠡᠨ ᠳᠡᠭᠡᠨ | ᠰᠤᠳᠣᠷ ᠤᠬᠠᠭᠠᠨ ᠢ ᠦᠪᠯᠡᠭᠰᠡᠨ ᠰᠤᠷᠤᠭᠴᠢᠳ ᠦᠶ᠎ᠡ ᠶᠢᠨ ᠨᠡᠶᠢᠵᠠ ᠲᠠᠢ ᠬᠠᠮᠳᠤ ᠶᠠᠪᠤᠬᠰᠠᠨ ᠡᠳᠦᠷ ᠬᠤᠨᠤᠭ᠂ ᠰᠤᠪᠤᠳ ᠤᠨ ᠭᠡᠯᠬᠢᠶ᠎ᠡ ᠲᠠᠢ | ᠠᠷᠢᠭᠤᠬᠠᠨ ᠲᠤᠷᠠᠰᠤᠮᠵᠢ ᠪᠦᠭᠦᠨ ᠢ ᠮᠦᠩᠭᠡ ᠶᠢᠨ ᠲᠤᠷᠠᠳᠬᠠᠯ ᠦᠯᠡᠳᠡᠭᠡᠭᠦ ᠪᠠᠷ ᠠᠴᠢᠳᠤ ᠪᠠᠭᠰᠢ᠂ ᠬᠠᠮᠳᠤ ᠰᠤᠷᠤᠯᠭᠠᠳᠠᠨ ᠲᠠᠢ ᠪᠠᠨ ᠬᠠᠮᠳᠤ ᠶᠢᠨ ᠰᠡᠭᠦᠳᠡᠷ | ᠪᠠᠭᠤᠵᠤ ᠪᠢᠯᠡ᠃ | | | | | | | | | | | | | | |