ᠬᠤᠵᠤᠤᠯ᠎ᠠ ᠶᠢ ᠡᠷᠳᠡᠨᠢ ᠪᠣᠯᠭᠠᠨ ᠣᠷᠠᠯᠠᠳᠠᠭ ᠮᠣᠳᠣᠨ ᠦᠨᠳᠣᠰᠦᠨ ᠰᠠᠶᠢᠯᠦᠮᠡᠯ ᠤᠨ ᠤᠷᠠᠯᠢᠭᠴᠢᠨ ᠪᠤᠩᠬᠤ
ᠨᠡᠶᠢᠲᠡᠯᠡᠭᠰᠡᠨ ᠴᠠᠭ᠄
2024/5/28
      ︽ᠥᠷᠦᠭᠡᠯ ᠤᠨ ᠨᠢᠳᠣᠨ ᠳᠤ ᠦᠭᠡᠷ᠎ᠡ ᠬᠤᠵᠤᠤᠯ᠎ᠠ᠂ ᠥᠪᠡᠷ ᠤᠨ ᠨᠢᠳᠣᠨ ᠳᠤ ᠬᠤᠪᠤᠷ ᠡᠷᠳᠡᠨᠢ︾ ᠭᠡᠮᠡᠨ ᠮᠣᠳᠣᠨ ᠦᠨᠳᠦᠰᠦ ᠪᠠᠷ ᠭᠠᠷ ᠤᠷᠠᠯᠠᠯ  ᠤᠨ ᠪᠦᠳᠦᠭᠡᠭᠳᠡᠭᠦᠨ ᠬᠢᠵᠦ ᠬᠦᠮᠦᠨ ᠠᠷᠠᠳ ᠲᠤ ᠪᠠᠨ ᠲᠠᠨᠢᠭᠳᠠᠵᠦ ᠶᠠᠪᠤᠭ᠎ᠠ ᠪᠤᠩᠬᠤ ᠪᠤᠯ ᠮᠠᠨ ᠤ ᠬᠤᠰᠢᠭᠤᠨ ᠤ ᠲᠤᠭ ᠪᠠᠯᠭᠠᠰᠣᠨ ᠤ ᠮᠠᠶᠢᠷᠠᠨᠰᠦ᠋ᠮ᠎ᠡ ᠭᠠᠴᠠᠭᠠᠨ ᠤ ᠮᠠᠯᠴᠢᠨ ᠶᠤᠮ᠃ ᠲᠡᠷᠡ ᠬᠠᠷᠠᠬᠠᠨ ᠪᠠᠭ᠎ᠠ ᠠᠴᠠ ᠪᠠᠨ ᠰᠤᠨᠢᠭᠤᠴᠢ ᠮᠥᠷᠳᠡᠭᠡᠨ ᠣᠷᠠᠨ ᠵᠢᠷᠤᠭ᠂ ᠭᠠᠷ ᠤᠷᠠᠯᠠᠯ ᠳᠤ ᠲᠤᠷ᠎ᠠ ᠪᠠᠬ᠎ᠠ ᠲᠠᠢ ᠪᠠᠶᠢᠭᠰᠠᠨ ᠢᠶᠠᠨ 1985 ᠣᠨ ᠠᠴᠠ ᠡᠬᠢᠯᠡᠵᠦ ᠦᠨᠳᠦᠰᠤᠨ ᠰᠡᠶᠢᠯᠦᠮᠡᠯ ᠣᠷᠣᠯᠳᠤᠵᠤ ᠪᠤᠯᠬᠤ ᠳᠤ ᠲᠥᠴᠢᠭᠡᠳ ᠵᠢᠯ ᠤᠨ ᠨᠢᠭᠤᠷ ᠦᠵᠡᠵᠦ᠂ ᠨᠠᠶᠢᠳᠠ ᠬᠤᠶᠠᠷ ᠵᠠᠭᠤ ᠢᠯᠡᠬᠦᠦ ᠰᠢᠯᠢᠳᠡᠭ ᠪᠥᠳᠦᠭᠡᠯ ᠲᠠᠢ ᠪᠤᠯᠵᠤ᠂ ᠬᠡᠰᠡᠭ ᠪᠦᠯᠦᠭ ᠢ ᠨᠢ ᠭᠠᠳᠠᠭᠰᠢ ᠪᠣᠷᠣᠯᠠᠭᠤᠯᠣᠨ ᠣᠷᠣᠯᠭ᠎ᠠ ᠪᠠᠨ ᠨᠡᠮᠡᠭᠳᠡᠭᠦᠯᠬᠦ ᠶᠢᠨ ᠬᠠᠮᠳᠤ ᠡᠯ᠎ᠠ ᠭᠠᠵᠠᠷ ᠣᠷᠣᠨ ᠤ ᠲᠡᠯᠭᠡᠨ ᠦᠵᠡᠭᠦᠯᠦᠯᠭᠡ ᠳᠤ ᠣᠷᠣᠯᠴᠠᠵᠦ ᠣᠯᠠᠨ ᠲᠥᠮᠡᠨ ᠤ ᠬᠦᠷᠢᠶᠡᠯᠡᠯ ᠢ ᠣᠯᠣᠭᠰᠠᠨ ᠪᠠᠶᠢᠨ᠎ᠠ᠃
1.png
2.png
      ᠬᠦᠮᠦᠨ ᠭᠡᠵᠦ ᠲᠤᠷ᠎ᠠ ᠪᠠᠬ᠎ᠠ ᠲᠠᠢ ᠵᠤᠶᠢᠯ ᠢᠶᠠᠨ ᠬᠢᠵᠦ ᠣᠷᠣᠯᠳᠣᠬᠤ ᠪᠠᠷ ᠯᠠ ᠪᠦᠷ ᠵᠠᠪ ᠴᠢᠯᠦᠭᠡ ᠲᠠᠢ ᠪᠣᠯᠴᠢᠬᠠᠳᠠᠭ᠃ ᠨᠡᠩ ᠴᠦ ᠬᠢᠵᠦ ᠪᠦᠳᠦᠭᠡᠵᠦ ᠤᠷᠠᠯᠠᠵᠤ ᠭᠠᠷᠭᠠᠭᠰᠠᠨ ᠵᠣᠶᠢᠯᠡᠰ ᠢᠶᠠᠨ ᠪᠠᠭ᠋ᠠᠷᠬᠠᠬᠤ ᠪᠠᠷ ᠠᠵᠢᠯ ᠤᠨ ᠶᠠᠳᠠᠷᠠᠭ᠎ᠠ ᠵᠦᠳᠡᠷᠡᠭᠡ ᠨᠢ ᠴᠦ ᠲᠠᠶᠢᠯᠤᠭᠳᠠᠨ᠂ ᠴᠠᠭᠠᠰᠢᠯᠠᠨ ᠵᠢᠷᠭᠠᠯ ᠢ ᠴᠦ ᠮᠡᠳᠡᠷᠡᠳᠡᠭ ᠭᠡᠯᠲᠡᠢ᠃ ᠲᠡᠷᠡᠪᠡᠷ ᠦᠨᠳᠦᠰᠦᠨ ᠤᠷᠠᠯᠠᠯ ᠢ ᠣᠷᠣᠯᠳᠤᠬᠤ ᠳᠤ ᠪᠠᠨ ᠪᠠᠶᠢᠭᠠᠯᠢᠯᠢᠭ ᠲᠦᠷᠬᠦ ᠶᠢ ᠨᠢ ᠬᠠᠳᠠᠭᠠᠯᠠᠬᠤ ᠶᠢ ᠬᠢᠴᠢᠶᠡᠵᠦ᠂ ᠨᠠᠷᠢᠨ ᠨᠢᠮᠪᠡᠢ ᠠᠵᠢᠭᠯᠠᠨ ᠰᠢᠨᠵᠢᠵᠦ ᠪᠠᠶᠢᠭᠠᠳ ᠭᠠᠷ ᠬᠥᠳᠡᠯᠵᠦ ᠤᠷᠠᠯᠠᠳᠠᠭ᠃ ᠵᠠᠷᠢᠮ ᠦᠨᠳᠦᠰᠦ ᠶᠢ ᠨᠢ ᠢᠯᠡ ᠲᠠᠯᠪᠢᠴᠢᠬᠠᠭᠠᠳ ᠣᠷᠣᠨ ᠭᠠᠷᠤᠨ ᠬᠡᠴᠢᠨᠡᠨ ᠡᠳᠦᠷ ᠠᠵᠢᠭᠯᠠᠨ ᠰᠢᠨᠵᠢᠯᠡᠵᠦ ᠪᠠᠶᠢᠮᠠᠨ ᠶᠠᠭᠠᠬᠢᠵᠦ ᠤᠷᠠᠯᠠᠬᠤ ᠪᠠᠨ ᠲᠤᠭᠳᠠᠭᠠᠭᠠᠳ ᠰᠠᠶ᠋ᠢ ᠭᠠᠷ ᠬᠦᠳᠡᠯᠵᠦ ᠣᠷᠣᠯᠳᠣᠳᠠᠭ᠃ ᠡᠨᠡ ᠶᠠᠪᠤᠴᠠ ᠳᠤ ᠲᠡᠰᠪᠦᠷᠢ ᠲᠡᠪᠴᠢᠶᠡᠷᠢ ᠬᠠᠮᠤᠭ ᠴᠢᠬᠤᠯᠠ ᠪᠠᠶᠢᠵᠠᠢ᠃
3.png
4.png
5.png
6.png
ᠢᠷᠡᠯᠲᠡ᠄ ᠲᠤᠯᠠᠭᠠᠨ ᠮᠡᠳᠡᠭᠡ