ᠣᠶᠣᠨᠴᠢᠮᠡᠭ ᠤᠨ ᠮᠤᠩᠭᠤᠯ ᠮᠠᠯᠠᠭᠠᠢ ᠶᠢᠨ ᠦᠢᠯᠡᠰ
ᠨᠡᠶᠢᠲᠡᠯᠡᠭᠰᠡᠨ ᠴᠠᠭ᠄
2024/6/24
      ᠣᠶᠣᠨᠴᠢᠮᠡᠭ ᠭᠠᠯᠠᠭᠤᠲᠤ ᠪᠠᠯᠭᠠᠰᠤᠨ ᠳᠤ ᠮᠤᠩᠭᠤᠯ ᠮᠠᠯᠠᠭᠠᠢ ᠶᠢᠨ ᠠᠵᠢᠯᠯᠠᠬᠤ ᠦᠷᠦᠭᠡ ᠡᠵᠡᠩᠨᠡᠵᠤ ᠪᠠᠶᠢᠳᠠᠭ᠃ ᠣᠷᠠᠨ ᠭᠠᠷ ᠢᠶᠠᠷ ᠢᠶᠠᠨ ᠦᠢᠯᠡᠰ ᠢᠶᠠᠨ ᠴᠤᠬᠴᠠᠯᠠᠵᠤ ᠶᠠᠪᠤᠭ᠎ᠠ ᠣᠶᠣᠨᠴᠢᠮᠡᠭ ᠤᠨ ᠬᠤᠪᠢ ᠳᠤ ᠪᠠᠭ᠎ᠠ ᠠᠴᠠ ᠪᠠᠨ ᠭᠠᠷ  ᠣᠷᠠᠨ ᠢᠶᠠᠨ ᠢᠶᠠᠷ ᠨᠣᠲᠤᠭ ᠣᠰᠣᠨ ᠳᠤ ᠪᠠᠨ ᠠᠯᠳᠠᠷᠰᠢᠵᠤ ᠶᠠᠪᠤᠭ᠎ᠠ ᠡᠵᠢ ᠪᠤᠯᠤᠨ ᠨᠠᠭᠠᠴᠤ ᠡᠵᠢ ᠶᠢᠨ ᠢᠶᠠᠨ ᠨᠦᠯᠤᠭᠡ ᠪᠠᠷ ᠬᠠᠷᠠᠬᠠᠨ ᠪᠠᠭ᠎ᠠ ᠠᠴᠠ ᠪᠠᠨ ᠦᠢᠯᠡ ᠤᠶᠤᠳᠠᠯ ᠳᠤ ᠰᠢᠮᠳᠠᠵᠤ ᠶᠠᠪᠤᠵᠠᠢ᠃      ᠶᠤᠰᠤᠯᠠᠯ ᠤᠨ ᠮᠠᠯᠠᠭᠠᠢ ᠬᠢᠵᠤ ᠰᠣᠷᠣᠭᠰᠠᠨ ᠠᠴᠠ ᠣᠳᠣ ᠪᠣᠯᠬᠤ ᠳᠤ ᠨᠠᠶᠠ ᠭᠠᠷᠤᠢ ᠶᠠᠩᠵᠤ ᠶᠢᠨ ᠮᠤᠩᠭᠤᠯ ᠮᠠᠯᠠᠭᠠᠢ ᠣᠷᠠᠯᠠᠵᠤ᠂ ᠬᠤᠷᠢᠨ ᠡᠳᠣᠷ ᠲᠤ ᠬᠤᠶᠠᠷ ᠵᠠᠭᠤᠨ ᠮᠠᠯᠠᠭᠠᠢ ᠬᠢᠬᠦ ᠵᠠᠬᠢᠶᠠᠯᠠᠭ᠎ᠠ ᠶᠢ ᠪᠡᠶᠡᠯᠡᠬᠦᠯᠵᠣ ᠶᠠᠪᠤᠭ᠎ᠠ ᠶᠢᠨ ᠠᠷᠤ ᠳᠤ ᠤᠶᠤᠨᠴᠢᠮᠡᠭ ᠤᠨ ᠴᠦᠬᠦᠷᠡᠰᠢ ᠦᠭᠡᠢ ᠴᠢᠷᠮᠠᠶᠢᠯᠭ᠎ᠠ ᠪᠠ  ᠤᠷᠠᠨ ᠠᠪᠬᠠᠯᠵᠢ ᠰᠢᠩᠭᠡᠵᠤ ᠪᠠᠶᠢᠳᠠᠭ᠃ ᠬᠤᠷᠢᠭᠠᠳ ᠵᠢᠯ ᠤᠨ ᠳᠣᠷᠰᠢ ᠣᠶᠣᠨᠴᠢᠮᠡᠭ ᠦᠪᠡᠷ ᠢᠶᠠᠨ ᠳᠠᠰᠣᠷᠠᠯᠲᠠ ᠦᠭᠡᠢ ᠰᠣᠷᠣᠯᠴᠠᠵᠤ ᠰᠢᠨᠡᠴᠢᠯᠡᠵᠣ ᠶᠠᠪᠤᠬᠤ ᠳᠠᠭᠠᠨ ᠮᠠᠯᠠᠭᠠᠢ ᠣᠷᠠᠯᠠᠬᠤ ᠮᠡᠷᠭᠡᠵᠢᠯ ᠢ ᠰᠣᠷᠴᠤ ᠣᠯᠠᠮᠵᠢᠯᠠᠬᠤ ᠪᠠᠷ ᠬᠦᠷᠴᠣ ᠢᠷᠡᠭᠰᠡᠨ ᠱᠠᠪᠢ ᠨᠠᠷ ᠲᠤ ᠪᠠᠨ ᠦᠪᠡᠷ ᠤᠨ ᠳᠣᠷᠰᠢᠯᠭ᠎ᠠ ᠪᠠ ᠮᠡᠷᠭᠡᠵᠢᠯ ᠢᠶᠠᠨ ᠬᠠᠷᠠᠮ ᠦᠭᠡᠢ ᠵᠢᠭᠠᠵᠤ ᠦᠭᠭᠦᠳᠡᠭ᠃     ᠴᠠᠭ ᠤᠨ ᠤᠷᠤᠰᠬᠠᠯ ᠢ ᠴᠢᠷᠮᠠᠶᠢᠨ ᠳᠠᠭᠠᠵᠤ ᠰᠢᠨ᠎ᠡ ᠶᠢ ᠡᠬᠦᠳᠬᠦ ᠪᠠᠷ ᠣᠶᠣᠨᠴᠢᠮᠡᠭ ᠵᠠᠬᠢᠶᠠᠯᠠᠭ᠎ᠠ ᠲᠤᠰᠬᠤ ᠪᠦᠷᠢ ᠬᠢᠴᠡ ᠤᠷᠡᠨ ᠬᠡᠯᠪᠡᠷᠢ ᠮᠠᠶ᠋ᠢᠭ ᠰᠢᠨᠡᠷᠭᠦᠦ ᠮᠠᠯᠠᠭᠠᠢ ᠬᠢᠬᠦ ᠪᠠᠷ  ᠮᠠᠷᠠᠶᠢᠨ ᠠᠵᠢᠯᠯᠠᠨ᠎ᠠ᠃
1.jpg
2.jpg
3.jpg
4.jpg
 
ᠢᠷᠡᠯᠲᠡ᠄ ᠲᠤᠯᠠᠭᠠᠨ ᠮᠡᠳᠡᠭᠡ