ᠡᠷᠳᠡᠨᠢᠠᠠᠭᠤᠯᠠ ᠶᠢᠨ ᠵᠣᠬᠢᠶᠠᠯ ᠪᠦᠳᠦᠭᠡᠯ ᠢ ᠰᠣᠳᠣᠯᠣᠨ ᠶᠠᠷᠢᠯᠴᠠᠪᠠ
ᠨᠡᠶᠢᠲᠡᠯᠡᠭᠰᠡᠨ ᠴᠠᠭ᠄
2024/6/25
      6 ᠰᠠᠷ᠎ᠠ ᠶᠢᠨ 23 ᠤ ᠡᠳᠦᠷ᠂ ᠡᠷᠳᠡᠨᠢᠠᠠᠭᠤᠯᠠ ᠶᠢᠨ ᠰᠢᠨ᠎ᠡ ᠪᠦᠳᠦᠭᠡᠯ ᠤᠨ ᠴᠢᠯᠦᠭᠡᠳᠦ ᠶᠠᠷᠢᠯᠴᠠᠭ᠎ᠠ ᠵᠢᠴᠢ ᠲᠡᠭᠦᠨ ᠤ ᠵᠣᠬᠢᠶᠠᠨ ᠪᠦᠳᠦᠭᠡᠯᠭᠡ ᠶᠢᠨ ᠰᠠᠭᠤᠳᠠᠯ ᠤᠨ ᠬᠤᠷᠠᠯ ᠣᠷᠣᠨ ᠤ ᠲᠦᠪ ᠬᠦᠬᠡᠬᠤᠳᠠ ᠳᠤ ᠤᠳᠬ᠎ᠠ ᠲᠡᠭᠦᠯᠲᠡᠷ ᠪᠣᠯᠵᠦ ᠥᠡᠭᠭᠡᠷᠡᠯ᠎ᠡ᠃
2.jpg
      ᠡᠨᠡᠬᠦ ᠠᠵᠢᠯᠯᠠᠭ᠎ᠠ ᠶᠢ ᠮᠠᠨ ᠤ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠭᠤᠤᠯᠯᠠᠨ ᠡᠷᠬᠢᠯᠡᠵᠦ᠂ ᠦᠣᠰᠢᠨ ᠬᠤᠰᠢᠭᠤᠨ ᠤ ᠵᠣᠬᠢᠶᠠᠯᠴᠢᠳ ᠤᠨ ᠡᠪᠯᠡᠯ᠂ ᠦᠣᠰᠢᠨᠵᠣᠣ ᠪᠠᠯᠭᠠᠰᠣᠨ ᠤ ᠪᠠᠶᠠᠠᠳᠣᠯᠣᠭᠠᠢ ᠭᠠᠴᠠᠭᠠᠨ ᠤ ᠠᠷᠠᠳ ᠤᠨ ᠵᠦᠪᠯᠡᠯ᠂ ᠦᠣᠰᠢᠨ ᠬᠤᠰᠢᠭᠤᠨ ᠤ ᠰᠣᠶᠣᠯ ᠤᠨ ᠣᠷᠳᠣᠨ ᠠᠴᠠ ᠲᠠᠭᠠᠭᠠᠴᠢᠯᠠᠨ ᠡᠷᠬᠢᠯᠡᠪᠠ᠃
1.jpg
      ᠬᠤᠷᠠᠯ ᠤᠨ ᠦᠶ᠎ᠡ ᠪᠠᠷ ᠨᠡᠷᠡᠳᠦ ᠰᠢᠬᠦᠮᠵᠢᠯᠡᠭᠴᠢ ᠬᠠᠳᠠᠴᠢ · ᠭᠠᠩ᠂ ᠨᠡᠷᠡᠳᠦ ᠵᠣᠬᠢᠶᠠᠯᠴᠢ ᠦᠯᠵᠡᠶᠢᠪᠦ᠋ᠷᠢᠨ᠂ ᠨᠡᠷᠡᠳᠦ ᠢᠷᠠᠭᠤ ᠨᠠᠶᠢᠷᠠᠭᠴᠢ ᠲ᠊ · ᠰᠡᠴᠡᠨ᠂ ᠨᠡᠷᠡᠳᠦ ᠰᠡᠳᠭᠦᠯᠴᠢ᠂ ᠵᠣᠬᠢᠶᠠᠯᠴᠢ ᠪᠡᠰᠦᠳᠡᠢ ᠬᠠᠰᠪᠢᠯᠢᠭ᠌᠂ ︽ᠦᠨᠢᠷ ᠴᠡᠴᠡᠭ︾ ᠰᠡᠳᠬᠦᠯ ᠤᠨ ᠶᠡᠷᠦᠩᠬᠡᠢ ᠨᠠᠶᠢᠷᠠᠭᠤᠯᠣᠭᠴᠢ ᠨᠣᠮᠢᠨᠳᠠᠢ᠂ ︽ᠠᠯᠳᠠᠨ ᠭᠠᠨᠳᠠᠷᠢ︾ ᠰᠡᠳᠬᠦᠯ ᠤᠨ ᠶᠡᠷᠦᠩᠬᠡᠢ ᠨᠠᠶᠢᠷᠠᠭᠤᠯᠣᠭᠴᠢ ᠠ᠊ · ᠪᠣᠶᠠᠨ᠋ᠧᠴᠢᠷ᠂ ︽ᠠᠯᠳᠠᠨ ᠲᠦᠯᠬᠢᠬᠦᠷ︾ ᠰᠡᠳᠬᠦᠯ ᠤᠨ ᠲᠡᠳ᠋ ᠶᠡᠷᠦᠩᠬᠡᠢ ᠨᠠᠶᠢᠷᠠᠭᠤᠯᠣᠭᠴᠢ ᠰᠠᠶᠢᠨᠴᠣᠭᠳᠣ᠂ ᠢᠷᠡᠭᠤ ᠨᠠᠶᠢᠷᠠᠭᠴᠢ ᠨ᠊ · ᠪᠢᠷ᠂ ᠪᠠᠶᠠᠭᠤᠳ ᠰᠠᠩᠵᠠᠢ᠂ ᠪᠤᠳᠤᠭᠤᠨᠪᠤᠶᠢᠯᠠᠭᠠᠨ᠂ ᠤᠷᠠᠨ ᠵᠣᠬᠢᠶᠠᠯ ᠤᠨ ᠠᠰᠫᠢᠷᠠᠨᠲ ᠳ᠋ᠣᠺᠲ᠋ᠣᠷ ᠡᠷᠳᠡᠮᠳᠡᠳ ᠠᠴᠠ ᠡᠷᠳᠡᠨᠢᠠᠠᠭᠤᠯᠠ ᠶᠢᠨ ᠰᠢᠨ᠎ᠡ ᠨᠣᠮ ᠪᠠ ᠵᠣᠬᠢᠶᠠᠨ ᠪᠦᠳᠦᠭᠡᠯᠭᠡ ᠶᠢᠨ ᠣᠯᠣᠯᠳᠠ ᠠᠮᠵᠢᠯᠳᠠ᠂ ᠣᠷᠣᠰᠢᠵᠣ ᠪᠠᠶᠢᠭ᠎ᠠ ᠠᠰᠠᠭᠤᠳᠠᠯ ᠪᠣᠶᠣ ᠲᠡᠭᠡᠭᠰᠢᠯᠡᠬᠦᠯᠬᠦ ᠴᠢᠬᠤᠯᠠᠳᠠᠢ ᠵᠣᠶᠢᠯᠡᠰ ᠤᠨ ᠲᠤᠬᠠᠢ ᠦᠵᠡᠯ ᠪᠣᠳᠣᠯ ᠢᠶᠠᠨ ᠴᠢᠯᠦᠭᠡᠲᠡᠢ ᠶᠠᠷᠢᠯᠴᠠᠭᠰᠠᠨ ᠪᠠᠶᠢᠨ᠎ᠠ᠃
4.jpg
5.jpg
6.jpg
7.jpg
      ᠡᠷᠳᠡᠨᠢᠠᠠᠭᠤᠯᠠ — ᠣᠷᠳᠣᠰ ᠬᠤᠳᠠ ᠶᠢᠨ ᠦᠦᠰᠢᠨ ᠬᠤᠰᠢᠭᠤᠨ ᠤ ᠦᠦᠰᠢᠨᠵᠦᠦ ᠪᠠᠯᠭᠠᠰᠣᠨ ᠤ ᠪᠠᠶᠠᠨᠳᠤᠯᠣᠭᠠᠢ ᠭᠠᠴᠠᠭ᠎ᠠ ᠪᠠᠷ ᠨᠣᠳᠤᠭ ᠲᠠᠢ ᠢᠷᠡᠭᠤ ᠨᠠᠶᠢᠷᠠᠭᠴᠢ᠃ ᠬᠠᠯᠢᠭᠤᠨ᠂ ᠰᠢᠪᠡᠷᠡᠭᠡ᠂ ᠴᠠᠪᠢᠳᠠᠷ᠂ ᠣᠷᠭ᠎ᠠ᠂ ᠡᠭᠦᠯᠡᠨ᠂ ᠤᠨᠠᠭ᠎ᠠ᠂ ᠠᠷᠭᠤᠮᠠᠭ ᠭᠡᠬᠦ ᠮᠡᠳᠦ ᠶᠢᠨ ᠪᠢᠷ ᠤᠨ ᠨᠠᠷ᠎ᠠ ᠬᠡᠷᠡᠭᠯᠡᠵᠦ ᠰᠣᠨᠢᠨ ᠰᠡᠳᠭᠦᠯ ᠳᠤ ᠤᠷᠠᠨ ᠪᠥᠳᠦᠭᠡᠯ ᠢᠶᠠᠨ ᠨᠠᠶᠢᠳᠡᠯᠡᠳᠡᠭ᠃ ᠡᠭᠦᠨ ᠳᠤ ᠤᠨᠠᠭ᠎ᠠ ᠬᠡᠳᠡᠭ ᠪᠢᠷ ᠤᠨ ᠨᠠᠷ᠎ᠠ ᠤᠡᠭᠰᠢᠭ᠌ᠴᠢᠳ ᠤᠨ ᠲᠤᠮᠳᠠ ᠨᠥᠯᠥᠭᠡ ᠶᠡᠬᠡᠲᠡᠢ᠃ ︽ᠴᠠᠭ ᠤᠨ ᠭᠠᠳᠠᠨᠠᠬᠢ ᠵᠢᠷᠮᠣᠰᠣᠯᠠᠯ︾᠂ ︽ᠭᠠᠭᠴᠠ ᠬᠠᠷ᠎ᠠ ᠠᠳᠤᠭᠤ︾᠂ ︽ᠦᠦᠰᠢᠨ ᠵᠢᠷᠤᠭ᠎ᠠ ᠮᠣᠷᠢᠨ ᠰᠣᠶᠣᠯ︾᠂ ︽ᠪᠠᠶᠠᠨᠳᠣᠯᠣᠭᠠᠢ ᠪᠢᠳᠠ ᠬᠤᠶᠠᠭᠤᠯᠠ︾᠂ ︽ᠤᠯᠠᠷᠢᠯ ᠤᠨ ᠲᠠᠭᠤᠤ︾ ᠵᠡᠷᠭᠡ ᠤᠷᠠᠨ ᠪᠥᠳᠦᠭᠡᠯ ᠤᠨ ᠲᠡᠭᠦᠪᠦᠷᠢ ᠲᠠᠢ᠃ 
3.jpg
                                                  ᠰᠤᠷᠪᠤᠯᠵᠢᠯᠠᠭᠴᠢ᠄ ᠪᠤᠶᠠᠨᠳᠤ
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ