ᠬᠠᠶᠢᠷ᠎ᠠ ᠤᠨᠳᠤᠷᠤᠭᠰᠠᠨ ᠡᠩᠬᠦᠷᠠᠢ ᠠᠮᠢᠳᠠᠨ ᠤ ᠤᠶᠢᠯᠡᠰ
ᠨᠡᠶᠢᠲᠡᠯᠡᠭᠰᠡᠨ ᠴᠠᠭ᠄
2024/7/15
      ᠦᠦᠰᠢᠨᠵᠤᠤ ᠪᠠᠯᠭᠠᠰᠤᠨ ᠳᠤ ᠨᠤᠲᠤᠭ ᠲᠠᠢ ᠬᠠᠷᠭᠤᠢ ᠭᠠᠯᠠᠭᠤᠲᠤ ᠪᠠᠯᠭᠠᠰᠤᠨ ᠳᠤ ᠡ᠊ᠩᠬᠦᠷᠡᠢ ᠠᠮᠢᠲᠠᠨ ᠠᠰᠠᠷᠠᠨ ᠬᠠᠷᠠᠭᠠᠯᠵᠠᠬᠤ ᠳᠡᠯᠭᠡᠭᠦᠷ ᠢ ᠨᠡᠭᠡᠭᠡᠳ ᠨᠢᠭᠡᠨᠲᠡ ᠲᠠᠪᠤᠨ ᠵᠢᠯ ᠤᠨ ᠨᠢᠭᠤᠷ ᠦᠵᠡᠭᠰᠡᠨ ᠪᠠᠶᠢᠨ᠎ᠠ᠃      ᠬᠠᠷᠭᠤᠢ 2019 ᠤᠨ ᠳᠤ ᠡ᠊ᠩᠬᠦᠷᠡᠢ ᠠᠮᠢᠲᠠᠨ ᠠᠰᠠᠷᠠᠨ ᠬᠠᠷᠠᠭᠠᠯᠵᠠᠬᠤ ᠳᠡᠯᠭᠡᠭᠦᠷ ᠢᠶᠠᠨ ᠠᠩᠬ᠎ᠠ ᠨᠡᠭᠡᠭᠡᠵᠦ᠂ ᠤᠳᠤ ᠪᠤᠯᠬᠤ ᠳᠤ ᠡ᠊ᠩᠬᠦᠷᠡᠢ ᠠᠮᠢᠲᠠᠨ ᠢ ᠠᠰᠠᠷᠠᠨ ᠲᠡᠵᠢᠭᠡᠬᠦ ᠲᠠᠯ᠎ᠠ ᠪᠠᠷ ᠮᠠᠰᠢ ᠣᠯᠠᠨ ᠲᠤᠷᠰᠢᠯᠭ᠎ᠠ ᠬᠤᠷᠠᠮᠳᠤᠭᠤᠯᠤᠭᠰᠠᠨ ᠪᠦᠭᠡᠳ ᠲᠡᠭᠦᠨ ᠤ ᠳᠡᠯᠭᠡᠭᠦᠷ ᠢᠶᠠᠨ ᠡᠵᠡᠩᠨᠡᠬᠦ ᠬᠦᠷᠢᠶ᠎ᠡ ᠬᠡᠪᠴᠢᠶ᠎ᠡ ᠨᠢ ᠦᠷᠭᠡᠵᠢᠵᠦ᠂ ᠬᠡᠷᠡᠭᠯᠡᠭᠴᠢᠳ ᠲᠤ ᠦᠢᠯᠡᠴᠢᠯᠡᠬᠦ ᠦᠢᠯᠡᠴᠢᠯᠡᠭᠡᠨ ᠤ ᠲᠦᠷᠦᠯ ᠨᠢ ᠴᠤ ᠨᠡᠩ ᠤᠯᠠᠨ ᠪᠤᠯᠤᠭᠰᠠᠨ ᠪᠠᠶᠢᠨ᠎ᠠ᠃      ︽ᠪᠢ ᠮᠤᠤᠷ ᠨᠤᠬᠠᠢ ᠮᠡᠳᠤ ᠶᠢᠨ ᠡ᠊ᠡᠭᠬᠦᠷᠠᠢ ᠠᠮᠢᠳᠠᠨ ᠳᠤ ᠲᠤᠷᠠᠳᠠᠢ ᠮᠥᠷᠳᠡᠬᠡᠨ ᠪᠠᠭ᠎ᠠ ᠠᠴᠠ ᠪᠠᠨ ᠲᠡᠵᠢᠬᠡᠵᠥ ᠪᠠᠶᠢᠵᠠᠢ᠃ ᠲᠡᠬᠡᠬᠡᠳ ᠰᠡᠬᠦᠯᠡᠷ ᠨᠢ ᠡ᠊ᠡᠭᠬᠦᠷᠠᠢ ᠠᠮᠢᠳᠠᠨ ᠢ ᠠᠰᠠᠷᠠᠨ ᠬᠠᠷᠠᠭᠠᠯᠵᠠᠬᠤ ᠲᠡᠯᠬᠡᠬᠦᠷ ᠨᠡᠬᠡᠬᠡᠬᠦ ᠪᠤᠳᠤᠯ ᠢᠶᠠᠨ ᠠᠪᠤ ᠡᠵᠢ ᠳᠡᠭᠡᠨ ᠬᠡᠯᠡᠭᠰᠡᠨ ᠳᠤ ᠲᠡᠳᠡ ᠴᠤ ᠨᠠᠮ᠎ᠠ ᠶᠢ ᠲᠡᠮᠵᠢᠵᠥ ᠡᠨᠡ ᠬᠦ ᠲᠡᠯᠬᠡᠬᠦᠷ ᠢᠶᠠᠨ ᠨᠡᠬᠡᠬᠡᠵᠠᠢ᠃ ᠪᠢ ᠲᠡᠯᠬᠡᠬᠦᠷ ᠲᠡᠭᠡᠨ ᠮᠤᠤᠷ ᠨᠤᠬᠠᠢ ᠤᠬᠢᠶᠠᠬᠤ᠂ ᠮᠤᠤᠷ ᠨᠤᠬᠠᠢ ᠤᠷᠤᠯᠠᠨ ᠬᠠᠷᠠᠭᠠᠯᠵᠠᠬᠤ᠂ ᠡ᠊ᠡᠭᠬᠦᠷᠠᠢ ᠠᠮᠢᠳᠠᠨ ᠬᠤᠳᠠᠯᠳᠤᠬᠤ ᠤᠶᠢᠯᠡᠴᠢᠯᠡᠭᠡ ᠬᠠᠨᠭ᠍ᠭᠠᠳᠠᠭ ᠮᠥᠷᠳᠡᠬᠡᠨ ᠪᠠᠰᠠ ᠲᠡᠳᠡᠬᠡᠷ ᠤᠨ ᠬᠡᠷᠡᠭᠯᠡᠳᠡᠭ ᠵᠦᠢᠯ᠂ ᠢᠳᠡᠰᠢ ᠤᠤᠭᠤᠰᠢ ᠶᠢ ᠬᠤᠳᠠᠯᠳᠤᠳᠠᠭ᠃ ᠤᠳᠤᠬᠠᠨ ᠳᠤ ᠮᠠᠨ ᠤ ᠡ᠊ᠨᠳᠡ ᠨᠡᠶᠢᠳᠡ ᠲᠠᠪᠢᠨ ᠬᠡᠳᠤᠨ ᠡᠩᠬᠦᠷᠠᠢ ᠠᠮᠢᠳᠠᠨ ᠪᠠᠶᠢᠨ᠎ᠠ︾ ᠬᠡᠯ᠎ᠠ᠃      ᠡ᠊ᠩᠬᠦᠷᠡᠢ ᠠᠮᠢᠲᠠᠳ ᠤᠨ ᠠᠷᠠᠴᠢᠯᠠᠭ᠎ᠠ ᠳᠤᠳᠤᠮᠳᠠᠯᠭ᠎ᠠ ᠠᠴᠠ ᠭᠠᠳᠠᠨ᠎ᠠ ᠡ᠊ᠩᠬᠦᠷᠡᠢ ᠠᠮᠢᠲᠠᠳ ᠢ ᠬᠡᠬᠡᠯᠲᠦᠭᠦᠯᠦᠨ ᠵᠤᠯᠵᠠᠭᠠᠯᠠᠭᠤᠯᠬᠤ ᠠᠵᠢᠯ ᠪᠤᠯ ᠬᠠᠷᠭᠤᠢ ᠶᠢᠨ ᠳᠡᠯᠭᠡᠭᠦᠷ ᠤᠨ ᠴᠢᠬᠤᠯᠠ ᠨᠢᠭᠡᠨ ᠦᠢᠯᠡᠴᠢᠯᠡᠭᠡᠨ ᠤ ᠲᠦᠷᠦᠯ ᠵᠦᠢᠯ ᠪᠤᠯᠬᠤ ᠤᠴᠢᠷ ᠠᠴᠠ ᠲᠡᠷᠡ ᠬᠤᠪᠤᠷ ᠴᠤᠬᠠᠭ ᠡᠭᠦᠯᠳᠡᠷ ᠤᠨ ᠮᠤᠤᠷ᠂ ᠨᠤᠬᠠᠢ ᠶᠢ ᠶᠡᠭᠡ ᠬᠤᠯᠠ ᠭᠠᠵᠠᠷ ᠠᠴᠠ ᠳᠡᠯᠭᠡᠭᠦᠷ ᠲᠡᠭᠡᠨ ᠤᠷᠤᠭᠤᠯᠤᠨ ᠠᠪᠴᠢᠷᠠᠳᠠᠭ ᠪᠠᠶᠢᠯ᠎ᠠ᠃      ︽ᠡᠨᠡ ᠠᠵᠢᠯ ᠢ ᠥᠪᠡᠷ ᠢᠶᠠᠨ ᠲᠤᠷᠠᠳᠠᠢ ᠪᠤᠯᠪᠠᠯ ᠰᠠᠶ᠋ᠢ ᠬᠢᠵᠥ ᠲᠡᠶᠢᠯᠤᠨ᠎ᠠ᠃ ᠲᠤᠷ᠎ᠠ ᠥᠬᠡᠢ ᠪᠤᠯ ᠡᠨᠡ ᠠᠵᠢᠯ ᠢ ᠬᠢᠵᠥ ᠲᠡᠶᠢᠯᠬᠦ ᠥᠬᠡᠢ᠃ ᠤᠴᠢᠷ ᠨᠢ ᠪᠤᠰᠤᠳ ᠠᠵᠢᠯ ᠢ ᠪᠤᠳᠤᠪᠠᠯ ᠤᠨᠴᠠᠭᠠᠢ ᠲᠡᠪᠴᠢᠶᠠᠷᠢ ᠬᠡᠷᠡᠭᠳᠡᠢ᠃ ᠠᠮᠢᠳᠠᠨ ᠲᠡᠵᠢᠬᠡᠵᠥ ᠪᠠᠶᠢᠬᠤ ᠪᠤᠯᠬᠤᠷ ᠪᠠᠷᠠᠭ᠎ᠠ ᠬᠤᠳᠠᠯᠳᠤᠬᠤ ᠲᠠᠢ ᠪᠠᠰᠠ ᠠᠳᠠᠯᠢ ᠥᠬᠡᠢ᠂ ᠡᠪᠡᠳᠴᠢᠨ ᠤᠷᠤᠬᠤ ᠮᠡᠳᠤ ᠶᠢᠨ ᠡᠯᠳᠡᠪ ᠤᠴᠢᠷ ᠲᠠᠭᠠᠷᠠᠨ᠎ᠠ᠃ ᠡᠬᠦᠨ ᠢ ᠰᠶᠢᠳᠪᠤᠷᠢᠯᠡᠬᠦ ᠨᠢ ᠪᠠᠰᠠ ᠨᠡᠯᠢᠶᠠᠳ ᠬᠥᠴᠢᠷ ᠲᠠᠢ ᠰᠠᠨᠠᠭᠳᠠᠳᠠᠭ︾ ᠬᠡᠯ᠎ᠠ᠃      ᠡ᠊ᠩᠬᠦᠷᠡᠢ ᠠᠮᠢᠲᠠᠳ ᠢ ᠬᠠᠷᠠᠬᠤ ᠳᠤ ᠬᠠᠶᠢᠷ᠎ᠠ ᠲᠠᠲᠠᠮ᠎ᠠ ᠬᠦᠭᠡᠷᠦᠬᠦᠨ ᠴᠤ ᠬᠠᠵᠠᠭᠤ ᠳᠠᠭᠠᠨ ᠪᠠᠶᠢᠯᠭᠠᠨ ᠠᠷᠠᠴᠢᠯᠠᠵᠤ ᠳᠤᠳᠤᠮᠳᠠᠬᠤ ᠳᠤ ᠮᠠᠰᠢ ᠶᠡᠭᠡ ᠲᠡᠰᠪᠦᠷᠢ ᠲᠡᠪᠴᠢᠶᠡᠷᠢ ᠬᠡᠷᠡᠭ ᠲᠠᠢ ᠪᠠᠶᠢᠳᠠᠭ᠃ ᠡᠨᠡ ᠪᠦᠬᠦᠨ ᠢ ᠬᠠᠷᠭᠤᠢ ᠦᠪᠡᠷ ᠤᠨ ᠬᠦᠰᠡᠯ ᠮᠦᠷᠦᠭᠡᠳᠦᠯ᠂ ᠵᠤᠷᠢᠯᠭ᠎ᠠ ᠴᠢᠷᠮᠠᠶᠢᠯᠲᠠ ᠪᠠᠷ ᠢᠶᠠᠨ ᠳᠠᠪᠠᠨ ᠲᠤᠭᠤᠯᠵᠤ᠂ ᠥᠨᠥ ᠳᠡᠯᠭᠡᠭᠦᠷ ᠢᠶᠠᠨ ᠴᠠᠭ ᠦᠶ᠎ᠡ ᠶᠢᠨ ᠬᠥᠭ ᠠᠶᠠᠰ ᠲᠠᠢ ᠬᠦᠯ ᠨᠡᠶᠢᠯᠡᠬᠦᠯᠦᠨ ᠦᠩᠭᠡ ᠲᠠᠢ ᠦᠭᠡᠲᠡ ᠲᠠᠢ ᠡᠵᠡᠩᠨᠡᠨ ᠶᠠᠪᠤᠨᠠᠮ᠃                                                           ᠵᠣᠬᠢᠶᠠᠭᠴᠢ᠄ ᠮᠥᠡᠭᠬᠦᠨᠪᠥ᠋ᠷᠬᠦᠳ   ᠪᠤᠶᠠᠨᠳᠤ
ᠢᠷᠡᠯᠲᠡ᠄ ᠤᠷᠳᠤᠰ ᠮᠤᠩᠭᠤᠯ ᠰᠦᠯᠵᠢᠶ᠎ᠡ