ᠢᠯᠠᠯᠲᠠ᠄ ᠡᠮᠴᠢ ᠬᠦᠮᠦᠨ ᠤ ᠥᠷᠥᠪᠴᠢ ᠰᠡᠳᠬᠢᠯ ᠢ ᠳᠡᠭᠡᠳᠦᠯᠡᠵᠦ ᠶᠠᠪᠤᠨ᠎ᠠ
ᠨᠡᠶᠢᠲᠡᠯᠡᠭᠰᠡᠨ ᠴᠠᠭ᠄
2024/8/22
      ᠠᠷᠠᠳ ᠣᠯᠠᠨ ᠤ ᠡᠷᠡᠬᠦᠯ ᠮᠡᠨᠲᠤ ᠶᠢᠨ ᠦᠢᠯᠡᠰ ᠲᠤ ᠭᠤᠶᠠᠴᠢ ᠦᠭᠡᠢ ᠵᠢᠳᠬᠦᠵᠦ ᠲᠤᠰᠬᠠᠢ ᠮᠡᠷᠬᠡᠵᠢᠯ ᠤᠨ ᠮᠡᠳᠡᠯᠭᠡ ᠮᠡᠳᠡᠴᠡ ᠪᠠᠨ ᠲᠠᠰᠤᠷᠠᠯᠳᠠ ᠦᠭᠡᠢ ᠳᠡᠭᠡᠭᠰᠢᠯᠡᠬᠦᠯᠤᠨ ᠳᠡᠭᠡᠳᠦ ᠬᠡᠮᠵᠢᠶᠡᠨ ᠤ ᠬᠠᠷᠢᠭᠤᠴᠠᠯᠭᠠᠲᠤ ᠰᠡᠳᠬᠢᠯᠭᠡ ᠪᠠᠷ ᠬᠦᠮᠤᠨ ᠵᠤᠨ ᠤ ᠡᠪᠡᠳᠴᠢᠨ ᠵᠤᠪᠠᠯᠠᠩ ᠢ ᠦᠯᠳᠡᠬᠦ ᠨᠢ ᠡᠮᠴᠢ ᠬᠦᠮᠤᠨ ᠤ ᠢᠷᠠᠭᠤ ᠠᠯᠳᠠᠷᠲᠤ ᠲᠠᠷᠬᠠᠨ ᠡᠭᠦᠷᠭᠡ ᠬᠠᠷᠢᠴᠠᠭᠤᠯᠭ᠎ᠠ ᠪᠤᠯᠤᠨ᠎ᠠ᠃ ᠮᠠᠨ ᠤ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶᠠᠨ ᠤ ᠲᠡᠳ᠋ ᠳᠠᠷᠤᠭ᠎ᠠ᠂ ᠬᠤᠳᠤᠭᠤᠳᠤ ᠭᠡᠳᠡᠰᠦᠨ ᠤ ᠲᠤᠲᠤᠷ ᠳᠤᠷᠠᠨᠳᠠᠭᠤᠷ ᠤᠨ ᠲᠥᠪ ᠤᠨ ᠡᠷᠬᠢᠯᠡᠭᠴᠢ ᠡᠮᠴᠢ ᠢᠯᠠᠯᠲᠠ ᠪᠣᠯ ᠲᠠᠷᠤᠢ ᠡᠳᠡᠭᠡᠷ ᠬᠦᠮᠤᠰ ᠤᠨ ᠳᠣᠲᠤᠷᠠᠬᠢ ᠨᠢᠭᠡ ᠨᠢ ᠪᠢᠯᠡ᠃ 2009 ᠣᠨ ᠳᠤ ᠲᠡᠷᠡ ᠦᠦᠰᠢᠨ ᠬᠤᠰᠢᠭᠤᠨ ᠤ ᠵᠠᠭᠤᠨ ᠴᠢᠳᠠᠪᠤᠷᠢᠲᠠᠨ ᠢ ᠡᠯᠰᠡᠬᠦ ᠰᠢᠯᠭᠠᠷᠠᠭᠤᠯᠤᠯᠲᠠ ᠪᠠᠷ ᠡᠮᠴᠢ ᠶᠢᠨ ᠭᠠᠷᠤᠭ᠎ᠠ ᠪᠠᠨ ᠠᠪᠤᠭᠰᠠᠨ ᠠᠴᠠ ᠨᠠᠰᠢ ᠠᠷᠪᠠᠭᠠᠳ ᠬᠠᠪᠤᠷ ᠨᠠᠮᠤᠷ ᠢ ᠲᠤᠭᠤᠯᠵᠤ᠂ ︽ᠮᠡᠷᠭᠡᠵᠢᠯ ᠰᠠᠶᠢᠨ᠂ ᠣᠪᠤᠷ ᠰᠠᠶᠢᠨ︾ ᠭᠡᠬᠦ ᠤᠯᠠᠨ ᠲᠦᠮᠡᠨ ᠤ ᠦᠨᠡᠯᠡᠯᠲᠡ ᠲᠠᠢ ᠨᠡᠷᠡᠲᠤ ᠡᠮᠴᠢ ᠪᠤᠯᠤᠭᠰᠠᠨ ᠪᠠᠶᠢᠨ᠎ᠠ᠃       ᠬᠠᠷᠠᠬᠠᠨ ᠪᠠᠭ᠎ᠠ ᠠᠴᠠ ᠪᠠᠨ ᠡᠮᠴᠢ ᠶᠢᠨ ᠭᠡᠷ ᠪᠦᠯᠢ ᠳᠤ ᠪᠤᠶᠢᠵᠢᠵᠤ ᠬᠦᠮᠤᠵᠢᠭ᠍ᠰᠡᠨ ᠲᠡᠷᠡ ᠡᠮᠴᠢ ᠬᠦᠮᠤᠨ ᠤ ᠲᠠᠷᠬᠠᠨ ᠬᠠᠷᠢᠭᠤᠴᠠᠯᠭ᠎ᠠ ᠶᠢ ᠪᠡᠶᠡᠴᠢᠯᠡᠨ ᠮᠡᠳᠡᠷᠡᠵᠦ᠂ ᠠᠵᠢᠯ ᠤᠨ ᠬᠤᠭᠤᠴᠠᠭᠠᠨ ᠳᠠᠭᠠᠨ ᠮᠡᠳᠡᠯᠭᠡ ᠮᠡᠷᠭᠡᠵᠢᠯ ᠢᠶᠠᠨ ᠳᠡᠭᠡᠭᠰᠢᠯᠡᠬᠦᠯᠬᠦ ᠶᠢ ᠣᠨᠴᠠ ᠠᠩᠬᠠᠷᠴᠤ᠂ ᠵᠥᠪ ᠣᠨᠤᠰᠢᠯᠠᠵᠦ ᠴᠢᠳᠠᠮᠠᠭᠠᠢ ᠡᠮᠴᠢᠯᠡᠬᠦ ᠶᠢ ᠲᠡᠷᠢᠬᠦᠨ ᠪᠠᠶᠢᠷᠢᠨ ᠳᠤ ᠲᠠᠯᠪᠢᠭᠰᠠᠨ ᠠᠴᠠ ᠲᠡᠬᠦᠨ ᠤ ᠬᠠᠷᠢᠭᠤᠴᠠᠵᠦ ᠪᠠᠶᠢᠭ᠎ᠠ ᠬᠤᠳᠤᠭᠤᠳᠤ ᠭᠡᠳᠡᠰᠦᠨ ᠤ ᠲᠤᠲᠤᠷ ᠳᠤᠷᠠᠨᠳᠠᠭᠤᠷ ᠤᠨ ᠲᠥᠪ  ᠤᠨ ᠮᠡᠰᠡ ᠵᠠᠰᠠᠯ ᠤᠨ ᠠᠵᠢᠯ ᠪᠦᠲᠦᠮᠵᠢ ᠰᠠᠶᠢᠲᠠᠢ ᠪᠠᠶᠢᠳᠠᠭ ᠢᠶᠠᠷ ᠢᠶᠠᠨ ᠬᠤᠯᠠ ᠣᠶᠢᠷ᠎ᠠ ᠳᠤ ᠠᠯᠳᠡᠷᠰᠢᠵᠦ᠂ ᠡᠮᠴᠢᠯᠡᠭᠡ ᠬᠢᠬᠦ ᠴᠢᠬᠤᠯᠠᠲᠠᠢ ᠬᠦᠮᠦᠰ ᠰᠠᠷ᠎ᠠ ᠶᠢᠨ ᠡᠮᠦᠨ᠎ᠡ ᠠᠴᠠ ᠡᠮᠴᠢᠯᠡᠭᠡᠨ ᠤ ᠳ᠋ᠤᠭᠠᠷ ᠢᠶᠠᠨ ᠠᠪᠴᠦ ᠬᠦᠯᠢᠶᠡᠳᠡᠭ ᠪᠦᠭᠡᠳ ᠲᠡᠬᠦᠨ ᠤ 2023 ᠣᠨ ᠳᠤ ᠬᠠᠷᠢᠭᠤᠴᠠᠵᠦ ᠬᠢᠭᠰᠡᠨ ᠮᠡᠰᠡ ᠵᠠᠰᠠᠯ ᠨᠢ ᠪᠦᠬᠦ ᠡᠮᠨᠡᠯᠭᠡ ᠶᠢᠨ ᠬᠤᠷᠢᠶ᠎ᠡ ᠶᠢᠨ ᠮᠡᠰᠡ ᠵᠠᠰᠠᠯ ᠬᠢᠭᠰᠡᠨ ᠲᠣᠭᠠᠨ ᠤ 30 % ᠶᠢ ᠡᠵᠡᠯᠡᠭᠰᠡᠨ ᠪᠠᠶᠢᠨ᠎ᠠ᠃      ᠢᠯᠠᠯᠲᠠ ᠡᠮᠴᠢ ᠤᠷᠢᠳ ᠬᠤᠵᠢᠳ ᠬᠤᠳᠠ ᠬᠤᠰᠢᠭᠤ ᠳᠡᠰ ᠤᠨ ᠰᠢᠯᠢᠳᠡᠭ ᠡᠮᠴᠢ ᠪᠠᠷ ᠣᠯᠠᠨᠲᠠ ᠬᠥᠬᠢᠬᠦᠯᠦᠭᠳᠡᠵᠦ᠂ ︽ᠦᠤᠰᠢᠨ ᠬᠤᠰᠢᠭᠤᠨ ᠤ ᠠᠷᠪᠠᠨ ᠰᠢᠯᠭᠠᠷᠠᠭᠰᠠᠨ ᠵᠠᠯᠠᠭᠤᠴᠤᠳ︾ ᠢᠶᠠᠷ ᠦᠨᠡᠯᠡᠭᠳᠡᠭᠰᠡᠨ ᠴᠦ ᠲᠡᠷᠡ ᠡᠳᠤᠷ ᠳᠤᠲᠤᠮ ᠤᠨ ᠠᠵᠢᠯ ᠤᠨ ᠪᠠᠶᠢᠷᠢᠨ ᠳᠠᠭᠠᠨ ᠮᠦᠨ ᠬᠦ ᠲᠠᠷᠤᠤ ᠬᠢᠴᠢᠶᠡᠩᠭᠦᠢ᠂ ᠬᠢᠨᠠᠭᠤᠷ ᠯᠠᠪᠳᠠᠭᠤᠨ ᠬᠠᠨᠳᠤᠵᠦ᠂ ᠡᠪᠡᠳᠴᠢᠳᠡᠨ ᠤ ᠲᠥᠯᠦᠭᠡ ᠪᠤᠳᠤᠯᠬᠢᠯᠠᠨ᠂ ᠡᠪᠡᠳᠴᠢᠲᠡᠨ ᠤ ᠲᠥᠯᠦᠭᠡ ᠰᠠᠨᠠᠭᠠᠰᠢᠷᠠᠵᠦ᠂ ᠦᠨᠳᠦᠰᠦᠨ ᠱᠠᠲᠤᠨ ᠤ ᠡᠮ ᠡᠮᠨᠡᠯᠭᠡ᠂ ᠡᠷᠡᠬᠦᠯ ᠬᠠᠮᠠᠭᠠᠯᠠᠯ ᠤᠨ ᠦᠢᠯᠡᠴᠢᠯᠡᠭᠡᠨ ᠤ ᠦᠢᠯᠡᠰ ᠤᠨ ᠲᠡᠭᠦᠯᠳᠡᠷᠵᠢᠬᠦᠯᠦᠯᠲᠡ ᠪᠤᠯᠤᠨ ᠰᠢᠯᠢᠳᠡᠭᠵᠢᠬᠦᠯᠦᠯᠲᠡ ᠳᠤ ᠥᠪᠡᠷ ᠤᠨ ᠬᠦᠴᠦ ᠪᠠᠨ ᠡᠷᠭᠦᠭᠰᠡᠭᠡᠷ ᠪᠠᠶᠢᠨ᠎ᠠ᠃
1.jpg
2.jpg
3.jpg
                                         ᠰᠤᠷᠪᠤᠯᠵᠢᠯᠠᠭᠴᠢ᠄  ᠬᠠᠰᠪᠤᠶᠠᠨᠲᠤ     
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ