ᠡᠪᠦᠯ ᠤᠨ ᠲᠥᠯ ᠲᠤᠰᠬᠤ ᠨᠢ ᠲᠦᠷᠭᠡᠨ ᠪᠠᠶᠠᠵᠢᠬᠤ ᠶᠢᠨ ᠨᠢᠭᠡᠨ ᠪᠥᠳᠥᠮᠵᠢᠲᠡᠢ ᠠᠷᠭ᠎ᠠ ᠮᠥᠨ᠃ ᠤᠴᠢᠷ ᠨᠢ ᠡᠪᠦᠯ ᠤᠨ ᠲᠥᠯ ᠲᠤᠰᠬᠤ ᠨᠢ | ᠲᠤᠤᠷᠠᠬᠢ ᠮᠡᠲᠦ ᠲᠠᠪᠠᠭᠤᠯᠢᠭ ᠲᠠᠯ᠎ᠠ ᠲᠠᠢ ᠪᠠᠶᠢᠳᠠᠭ᠃ | 1. ᠡᠪᠦᠯ ᠤᠨ ᠲᠥᠯ ᠲᠤᠰᠬᠤ ᠳᠤ ᠡᠭᠡ ᠮᠠᠯ ᠢᠶᠠᠨ ᠶᠡᠷᠦᠩᠭᠡᠢ ᠳᠡᠭᠡᠨ 8 — 9 ᠳ᠋ᠤᠭᠡᠷ ᠰᠠᠷ᠎ᠠ ᠳᠤ ᠭᠡᠭᠡᠯᠳᠤᠭᠦᠯᠳᠡᠭ ᠲᠤᠯᠠ ᠡᠨᠡ ᠦᠶ᠎ᠡ ᠳᠤ ᠡᠪᠡᠰᠦ | ᠤᠷᠭᠤᠮᠠᠯ ᠰᠠᠬᠤᠯᠠᠭ ᠨᠣᠭᠤᠭᠠᠨ ᠪᠠᠶᠢᠳᠠᠭ᠃ ᠡᠶᠢᠮᠦ ᠠᠴᠠ ᠬᠤᠨᠢ ᠢᠮᠠᠭᠠᠨ ᠤ ᠲᠠᠷᠭᠤ ᠬᠦᠴᠦ ᠰᠠᠶᠢᠨ᠂ ᠣᠷᠤᠭ᠎ᠠ ᠣᠷᠣᠬᠤ ᠨᠢ ᠬᠦᠭᠵᠢᠩᠭᠦᠢ᠂ ᠭᠡᠭᠡᠯ | ᠲᠣᠭᠳᠠᠬᠤ ᠨᠣᠷᠮ᠎ᠠ ᠨᠢ ᠦᠨᠳᠦᠷ ᠪᠥᠭᠡᠳ ᠢᠭᠡᠷᠯᠡᠬᠦ ᠨᠢ ᠴᠤ ᠣᠯᠠᠨ ᠪᠠᠶᠢᠳᠠᠭ᠃ | 2. ᠡᠪᠤᠯ ᠲᠦᠯᠯᠡᠭᠰᠡᠨ ᠬᠤᠨᠢ ᠢᠮᠠᠭ᠎ᠠ ᠲᠠᠷᠠᠭ᠎ᠠ ᠵᠢᠯ ᠤᠨ ᠬᠢᠨᠢ ᠡᠬᠢᠨ ᠤ 2 — 3 ᠳ᠋ᠤᠭᠠᠷ ᠰᠠᠷ᠎ᠠ ᠳᠤ ᠲᠠᠬᠢᠨ ᠣᠷᠤᠭ᠎ᠠ ᠣᠷᠤᠵᠤ ᠬᠡᠭᠡᠯᠳᠤᠬᠦ | ᠪᠣᠯᠣᠯᠴᠠᠭ᠎ᠠ ᠲᠠᠢ ᠪᠠᠶᠢᠬᠤ ᠲᠤᠯᠠ ᠨᠢᠭᠡ ᠵᠢᠯ ᠳᠤ ᠬᠤᠨᠢ ᠢᠮᠠᠭ᠎ᠠ ᠶᠢ ᠬᠤᠶᠠᠷ ᠤᠳᠠᠭ᠎ᠠ ᠲᠦᠯᠯᠡᠭᠦᠯᠵᠦ ᠪᠣᠯᠣᠨ᠎ᠠ᠃ | 3. ᠬᠤᠨᠢ ᠢᠮᠠᠭᠠᠨ ᠤ ᠭᠡᠭᠡᠯ ᠲᠠᠢ ᠬᠤᠭᠤᠴᠠᠭ᠎ᠠ ᠨᠢ ᠶᠠᠭ ᠰᠠᠶᠢᠬᠠᠨ ᠲᠠᠷᠭᠤ ᠬᠦᠴᠦ ᠠᠪᠳᠠᠭ ᠤᠯᠠᠷᠢᠯ ᠪᠣᠯᠬᠤ ᠪᠣᠯᠬᠤᠷ ᠡᠭᠡ ᠮᠠᠯ ᠨᠢ ᠲᠠᠷᠭᠤ | ᠬᠦᠴᠦ ᠰᠠᠶᠢᠲᠠᠢ᠂ ᠭᠡᠭᠡᠯ ᠤᠨ ᠰᠢᠮ᠎ᠡ ᠲᠡᠵᠢᠭᠡᠯ ᠨᠢ ᠬᠠᠨᠭ᠍ᠭᠠᠮᠵᠢᠲᠠᠢ᠂ ᠭᠠᠷᠤᠭᠰᠠᠨ ᠲᠥᠯ ᠤᠨ ᠪᠣᠶᠢᠵᠢᠯᠲᠠ ᠶᠢᠨ ᠨᠣᠷᠮ᠎ᠠ ᠨᠢ ᠦᠨᠳᠦᠷ ᠪᠥᠭᠡᠳ ᠡᠪᠦᠯ ᠪᠣᠯᠬᠤ | ᠳᠤ ᠬᠦᠷᠪᠡᠵᠢᠵᠦ ᠴᠢᠳᠠᠨ᠎ᠠ᠃ | 4. ᠬᠤᠨᠢ ᠢᠮᠠᠭ᠎ᠠ ᠶᠢ ᠡᠪᠣᠯ ᠲᠦᠯᠯᠡᠬᠦᠯᠪᠡᠯ ᠡᠭᠡ ᠮᠠᠯ ᠤᠨ ᠲᠡᠷᠭᠤ ᠬᠦᠴᠦ ᠨᠢ ᠲᠡᠮᠡᠢ ᠶᠡᠭᠡ ᠪᠠᠭᠤᠷᠠᠳᠠᠭ ᠦᠭᠡᠢ ᠲᠤᠯᠠ ᠲᠦᠯᠯᠡᠭᠰᠡᠨ ᠤ ᠲᠠᠷᠠᠭ᠎ᠠ | ᠰᠦ ᠰᠠᠶᠢᠲᠠᠢ᠂ ᠬᠤᠷᠠᠭ᠎ᠠ ᠢᠰᠢᠭᠡᠨ ᠤ ᠦᠰᠦᠯᠲᠡ ᠨᠢ ᠲᠦᠷᠭᠡᠨ ᠪᠠᠶᠢᠳᠠᠭ᠃ | 5. ᠡᠪᠦᠯ ᠲᠤᠰᠤᠭᠰᠠᠨ ᠲᠥᠯ ᠤᠨ ᠪᠠᠶ᠎ᠠ ᠶᠢᠨ ᠬᠦᠨᠳᠦ ᠨᠢ ᠬᠠᠪᠤᠷ ᠤᠨ ᠲᠥᠯ ᠠᠴᠠ ᠶᠡᠭᠡ ᠪᠠᠶᠢᠳᠠᠭ᠃ ᠶᠡᠷᠦᠩᠭᠡᠢ ᠳᠤᠨᠢ ᠠᠪᠴᠤ ᠦᠵᠡᠪᠡᠯ ᠡᠷ᠎ᠡ | ᠲᠥᠯ ᠨᠢ 0.96 ᠺᠢᠯᠥᠭᠷᠡᠮ᠂ ᠡᠮ᠎ᠡ ᠲᠥᠯ ᠨᠢ 0.90 ᠺᠢᠯᠥᠭᠷᠡᠮ ᠢᠶᠠᠷ ᠢᠯᠡᠭᠦᠦ ᠪᠠᠶᠢᠳᠠᠭ᠃ | 6. ᠡᠪᠤᠯ ᠲᠤᠰᠤᠭᠰᠠᠨ ᠲᠥᠯ ᠨᠢ ᠬᠠᠪᠦᠷ ᠡᠪᠠᠰᠦ ᠨᠣᠭᠤᠭ᠎ᠠ ᠤᠷᠭᠤᠬᠤ ᠦᠶᠡᠰ ᠲᠤ ᠨᠢᠭᠡᠨᠲᠡ 4 — 5 ᠰᠠᠷ᠎ᠠ ᠪᠣᠯᠴᠢᠬᠠᠳᠠᠭ ᠲᠤᠯᠠ ᠰᠦᠷᠦᠭ | ᠢᠶᠠᠨ ᠲᠠᠭᠠᠵᠤ ᠪᠡᠯᠴᠢᠭᠡᠷ ᠲᠤ ᠭᠠᠷᠴᠦ᠂ ᠬᠥᠳᠡᠯᠮᠦᠷᠢ ᠬᠦᠴᠦ ᠶᠢ ᠠᠷᠪᠢᠯᠠᠨ ᠬᠠᠪᠤᠷ ᠤᠨ ᠠᠵᠢᠯ ᠢ ᠬᠠᠷᠰᠢᠯᠠᠬᠤ ᠦᠭᠡᠢ ᠪᠠᠶᠢᠳᠠᠭ᠃ | 7. ᠡᠪᠦᠯ ᠤᠨ ᠲᠥᠯ ᠨᠢ ᠬᠠᠪᠦᠷ ᠡᠪᠡᠰᠦ ᠨᠣᠭᠤᠭ᠎ᠠ ᠤᠷᠭᠤᠬᠤ ᠠᠴᠠ ᠠᠪᠤᠭᠠᠳ ᠨᠠᠮᠦᠷ ᠤᠨ ᠰᠡᠭᠦᠯᠴᠢ ᠪᠣᠯᠳᠠᠯ᠎ᠠ ᠪᠡᠯᠴᠢᠭᠡᠷ ᠲᠤ ᠭᠠᠷᠴᠦ ᠲᠠᠷᠭᠤ | ᠬᠦᠴᠦ ᠰᠠᠶᠢᠨ ᠠᠪᠴᠦ ᠴᠢᠳᠠᠳᠠᠭ ᠲᠤᠯᠠ ᠲᠠᠷᠠᠭ᠎ᠠ ᠡᠪᠤᠯ ᠨᠢ ᠶᠠᠳᠠᠷ ᠲᠣᠷᠣᠢ ᠮᠠᠯ ᠭᠠᠷᠳᠠᠭ ᠦᠭᠡᠢ᠃ | 8. ᠡᠪᠦᠯ ᠬᠠᠪᠦᠷ ᠤᠨ ᠡᠬᠢᠨ ᠤ ᠠᠭᠤᠷ ᠠᠮᠢᠰᠬᠤᠯ ᠨᠢ ᠶᠡᠷᠦᠩᠬᠡᠢ ᠳᠡᠭᠡᠨ ᠣᠶᠢᠷᠠᠯᠴᠠᠭ᠎ᠠ ᠪᠠᠶᠢᠬᠤ ᠮᠥᠷᠳᠡᠭᠡᠨ ᠲᠣᠭᠳᠠᠪᠤᠷᠢᠲᠡᠢ ᠪᠠᠶᠢᠳᠠᠭ ᠪᠣᠯᠬᠤᠷ | ᠨᠢᠯᠬ᠎ᠠ ᠲᠥᠯ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠬᠠᠷᠢᠴᠠᠩᠭᠤᠢ ᠪᠠᠷ ᠰᠠᠶᠢᠨ ᠪᠠᠶᠢᠳᠠᠭ ᠪᠥᠭᠡᠳ ᠭᠡᠮ ᠡᠪᠡᠳᠴᠢᠨ ᠳᠤ ᠨᠡᠷᠪᠡᠭᠳᠡᠬᠦ ᠨᠢ ᠪᠠᠭ᠎ᠠ | ᠪᠠᠶᠢᠳᠠᠭ᠃ | 9. ᠡᠪᠤᠯ ᠤᠨ ᠲᠥᠯ ᠨᠢ ᠬᠠᠪᠤᠷ ᠬᠤᠨᠢ ᠢᠮᠠᠭ᠎ᠠ ᠬᠠᠶᠢᠴᠢᠯᠠᠵᠤ ᠰᠠᠮᠨᠠᠬᠤ ᠦᠶᠡᠰ ᠲᠤ ᠨᠢᠭᠡᠨᠲᠡ 4 — 5 ᠰᠠᠷ᠎ᠠ ᠪᠣᠯᠴᠢᠬᠠᠳᠠᠭ ᠲᠤᠯᠠ ᠡᠪᠤᠯ ᠤᠨ | ᠲᠥᠯ ᠠᠴᠠ ᠵᠣᠬᠢᠬᠤ ᠬᠡᠮᠵᠢᠶᠡᠨ ᠤ ᠨᠤᠤᠰᠤ ᠨᠣᠯᠣᠣᠷ ᠣᠯᠵᠤ ᠪᠣᠯᠣᠨ᠎ᠠ᠃ | 10. ᠡᠪᠤᠯ ᠤᠨ ᠡᠷ᠎ᠡ ᠬᠤᠷᠠᠭ᠎ᠠ ᠪᠠ ᠡᠷ᠎ᠡ ᠢᠰᠢᠭᠡ ᠨᠢ ᠨᠠᠮᠦᠷ ᠪᠤᠶᠤ ᠡᠪᠦᠯ ᠤᠨ ᠡᠬᠢᠨ ᠳᠤ ᠪᠣᠷᠳᠣᠨ ᠲᠠᠷᠭᠤᠯᠠᠭᠤᠯᠵᠤ ᠭᠠᠷᠭᠠᠯᠲᠠ ᠳᠤ ᠣᠷᠣᠭᠤᠯᠵᠤ | ᠪᠣᠯᠬᠤ ᠤᠴᠢᠷ ᠠᠴᠠ ᠮᠠᠯ ᠠᠵᠦ ᠠᠬᠤᠢ ᠶᠢᠨ ᠤᠶᠢᠯᠡᠳᠪᠦᠷᠢᠯᠡᠯ ᠤᠨ ᠲᠠᠸᠠᠷ ᠤᠨ ᠨᠣᠷᠮ᠎ᠠ ᠶᠢ ᠲᠡᠭᠡᠭᠰᠢᠯᠡᠬᠦᠯᠵᠦ᠂ ᠡᠷᠬᠢᠯᠲᠡ ᠶᠢ ᠲᠦᠷᠭᠡᠳᠬᠡᠵᠦ ᠴᠢᠳᠠᠨ᠎ᠠ᠃ | 11. ᠡᠪᠦᠯ ᠤᠨ ᠡᠷ᠎ᠡ ᠲᠥᠯ ᠢ ᠲᠤᠰ ᠵᠢᠯ ᠳᠤᠨᠢ ᠰᠢᠢᠳᠪᠤᠷᠢᠯᠡᠪᠡᠯ ᠡᠪᠡᠰᠦ ᠪᠣᠷᠳᠤᠭ᠎ᠠ ᠶᠢ ᠠᠷᠪᠢᠯᠠᠵᠤ ᠪᠡᠯᠴᠢᠭᠡᠷ ᠤᠨ ᠲᠠᠷᠦᠭᠠᠰᠦ ᠶᠢ ᠬᠦᠡᠭᠭᠡᠷᠡᠭᠦᠯᠬᠦ | ᠪᠣᠯᠣᠨ᠎ᠠ᠃ | 12. ᠡᠪᠤᠯ ᠤᠨ ᠲᠥᠯ ᠲᠤᠰᠪᠠᠯ ᠬᠠᠷ᠎ᠠ ᠲᠠᠯᠠᠩ ᠲᠠᠢ ᠮᠠᠯ ᠭᠠᠷᠬᠤ ᠪᠣᠶᠣ ᠰᠤᠪᠠᠶᠢᠷᠠᠬᠤ ᠦᠵᠡᠭᠳᠡᠯ ᠢ ᠪᠠᠭᠠᠰᠬᠠᠳᠠᠭ᠃ | ᠬᠡᠳᠡᠯ᠎ᠡ ᠡᠪᠦᠯ ᠤᠨ ᠲᠥᠯ ᠲᠤᠰᠬᠤ ᠳᠤ ᠲᠡᠭᠡᠷ᠎ᠡ ᠲᠤᠷᠠᠳᠤᠭᠰᠠᠨ ᠮᠡᠲᠦ ᠠᠰᠢᠭᠲᠠᠢ ᠲᠠᠯ᠎ᠠ ᠪᠠᠶᠢᠪᠠᠴᠦ ᠪᠠᠰᠠ ᠵᠣᠬᠢᠬᠤ ᠬᠡᠮᠵᠢᠶᠡᠨ ᠤ ᠪᠡᠯᠡᠳᠬᠡᠯ | ᠲᠥᠬᠦᠭᠡᠷᠦᠮᠵᠢ ᠪᠠᠶᠢᠬᠤ ᠶᠢ ᠰᠠᠭᠠᠷᠳᠠᠳᠠᠭ᠃ ᠪᠡᠯᠡᠳᠭᠡᠯ ᠨᠢ ᠠᠨᠠᠢ ᠪᠠᠶᠢᠳᠠᠯ ᠲᠤᠤᠷ᠎ᠠ ᠡᠪᠦᠯ ᠤᠨ ᠲᠥᠯ ᠲᠤᠰᠪᠠᠯ ᠬᠤᠬᠢᠷᠠᠯ ᠳᠤ ᠤᠴᠠᠷᠠᠵᠤ ᠮᠡᠳᠡᠨ᠎ᠡ᠃ | ᠤᠴᠢᠷ ᠨᠢ ᠰᠠᠶ᠋ᠢ ᠭᠠᠷᠤᠭᠰᠠᠨ ᠲᠥᠯ ᠨᠢ ᠡᠪᠦᠯ ᠤᠨ ᠬᠦᠢᠲᠡᠨ ᠳᠤ ᠪᠠᠶ᠎ᠡ ᠶᠢᠨ ᠲᠤᠯᠠᠭᠠᠨ ᠶᠢᠨ ᠲᠣᠬᠢᠷᠠᠭᠤᠯᠵᠤ ᠴᠢᠳᠠᠬᠤ ᠦᠭᠡᠢ᠃ ᠢᠯᠠᠩᠭᠤᠶ᠎ᠠ ᠨᠠᠷᠢᠨ | ᠨᠣᠣᠰᠤᠲᠤ ᠬᠤᠨᠢᠨ ᠤᠨ ᠬᠤᠷᠠᠭᠠᠨ ᠤ ᠠᠷᠠᠰᠤ ᠨᠢ ᠨᠢᠮᠭᠡᠨ᠂ ᠦᠰᠦ ᠨᠢ ᠣᠬᠤᠷ ᠪᠣᠯᠬᠤᠷ ᠬᠦᠢᠳᠡᠨ ᠢ ᠲᠡᠰᠪᠦᠷᠢᠯᠡᠬᠦ ᠴᠢᠳᠠᠪᠦᠷᠢ ᠨᠢ ᠪᠠᠭᠤᠷᠠᠢ ᠪᠠᠶᠢᠳᠠᠭ᠃ | ᠡᠶᠢᠮᠦ ᠠᠴᠠ ᠡᠪᠦᠯ ᠤᠨ ᠲᠥᠯ ᠲᠤᠰᠬᠤ ᠳᠤ ᠡᠷᠬᠡᠪᠰᠢ ᠲᠤᠯᠠᠭᠠᠨ ᠬᠠᠰᠢᠶ᠎ᠠ ᠰᠠᠷᠠᠪᠴᠢ ᠬᠤᠷᠤᠭ᠎ᠠ ᠲᠠᠶᠢᠪᠠᠶᠢᠬᠤ ᠬᠡᠷᠡᠭᠲᠡᠢ᠃ ᠡᠭᠦᠨ ᠳᠤ ᠰᠦᠯᠢᠶᠥᠥ ᠲᠤᠯᠠᠭᠠᠨ | ᠰᠠᠷᠠᠪᠴᠢ ᠪᠠᠶᠢᠭᠤᠯᠪᠠᠯ ᠡᠪᠦᠯ ᠤᠨ ᠲᠥᠯ ᠬᠤᠬᠢᠷᠠᠯ ᠢ ᠪᠠᠭᠠᠰᠬᠠᠬᠤ ᠪᠣᠶᠣ ᠦᠭᠡᠶᠢᠰᠭᠡᠵᠦ ᠲᠥᠯ ᠲᠤᠰᠬᠤ ᠦᠷ᠎ᠡ ᠠᠰᠢᠭ ᠢ ᠶᠡᠭᠡᠪᠡᠷ ᠨᠡᠮᠡᠭᠳᠡᠭᠦᠯᠵᠦ ᠴᠢᠳᠠᠨ᠎ᠠ᠃ | | | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ | |