ᠨᠢᠭᠡ᠂ ᠴᠢᠬᠢ ᠶᠢ ᠨᠢ ᠦᠵᠡᠨ᠎ᠡ᠃ ᠡᠷᠡᠭᠦᠯ ᠦᠬᠡᠷ ᠬᠤᠶᠠᠷ ᠴᠢᠬᠢ ᠪᠠᠨ ᠶᠡᠷᠦ ᠨᠢ ᠬᠦᠳᠡᠯᠭᠡᠳᠡᠭ᠃ ᠲᠡᠮᠳᠡᠷᠡᠬᠦ ᠳᠤ ᠪᠦᠯᠢᠶᠡᠨ ᠪᠠᠶᠢᠳᠠᠭ᠃ ᠬᠡᠮ ᠲᠠᠢ | ᠦᠭᠡᠢ ᠪᠣᠯ ᠬᠤᠶᠠᠷ ᠴᠢᠬᠢ ᠪᠠᠨ ᠨᠠᠪᠳᠠᠶᠢᠯᠭᠠᠴᠢᠬᠠᠭᠠᠳ ᠶᠡᠷᠦ ᠬᠦᠳᠡᠯᠭᠡᠳᠡᠭ ᠦᠭᠡᠢ᠂ ᠴᠢᠬᠢᠨ ᠤ ᠲᠡᠪᠢᠰᠭᠡᠷ ᠨᠢ ᠬᠠᠯᠠᠭᠤᠨ ᠪᠠᠶᠢᠳᠠᠭ᠃ | ᠬᠤᠶᠠᠷ᠂ ᠨᠢᠳᠦ ᠶᠢ ᠨᠢ ᠦᠵᠡᠨ᠎ᠡ᠃ ᠡᠷᠡᠬᠦᠯ ᠦᠭᠡᠷ ᠤᠨ ᠬᠤᠶᠠᠷ ᠨᠢᠳᠤ ᠨᠢ ᠴᠤᠭ ᠲᠠᠢ᠂ ᠬᠡᠷᠡᠯ ᠲᠠᠢ᠂ ᠬᠠᠷᠠᠴᠠ ᠨᠢ ᠬᠤᠷᠴᠠ ᠲᠤᠰᠬᠠᠯ ᠨᠢ | ᠲᠦᠷᠭᠡᠨ ᠪᠠᠶᠢᠳᠠᠭ᠃ ᠭᠡᠮ ᠲᠠᠢ ᠦᠭᠡᠷ ᠤᠨ ᠬᠤᠶᠠᠷ ᠨᠢᠳᠤ ᠨᠢ ᠳᠤᠷᠤᠭᠰᠢ ᠪᠠᠨ ᠬᠠᠷᠠᠳᠠᠭ ᠪᠠ ᠬᠠᠷᠠᠴᠠ ᠨᠢ ᠰᠤᠯᠠ᠂ ᠪᠢᠳᠠᠭᠤ᠂ ᠲᠤᠰᠬᠠᠯ ᠦᠭᠡᠢ ᠪᠠᠶᠢᠳᠠᠭ | ᠃ | ᠭᠤᠷᠪᠠ᠂ ᠬᠠᠮᠠᠷ ᠢ ᠨᠢ ᠦᠵᠡᠨ᠎ᠡ᠃ ᠡᠷᠡᠭᠦᠯ ᠦᠭᠡᠷ ᠤᠨ ᠬᠠᠮᠠᠷ ᠤᠨ ᠲᠣᠯᠢᠨ ᠳᠤ ᠬᠥᠯᠥᠰᠦ ᠲᠠᠢ᠂ ᠲᠠᠷᠬᠠᠯᠲᠠ ᠨᠢ ᠵᠢᠭᠳᠡ᠂ ᠬᠠᠮᠠᠷ ᠤᠨ ᠦᠵᠦᠭᠦᠷ | ᠨᠢ ᠰᠠᠶᠢᠨ ᠰᠠᠷᠳᠠᠭᠠᠨᠠᠳᠠᠭ᠃ | ᠲᠥᠷᠪᠡ᠂ ᠬᠡᠯᠡ ᠶᠢ ᠨᠢ ᠦᠵᠡᠨ᠎ᠡ᠃ ᠡᠷᠡᠭᠦᠯ ᠦᠭᠡᠷ ᠤᠨ ᠬᠡᠯᠡ ᠨᠢ ᠬᠢᠯᠠᠭᠠᠷ᠂ ᠤᠰᠤᠯᠢᠭ ᠤᠯᠠᠭᠠᠨ᠂ ᠬᠡᠯᠡᠨ ᠤ ᠥᠡᠭᠬᠦᠷ ᠨᠢ ᠬᠡᠪ ᠤᠨ ᠪᠠᠶᠢᠳᠠᠯ | ᠲᠠᠢ᠂ ᠠᠭᠰᠢᠵᠦ ᠰᠤᠩᠬᠤ ᠨᠢ ᠬᠦᠴᠦᠲᠡᠢ ᠪᠠᠶᠢᠳᠠᠭ᠃ ᠬᠡᠮ ᠲᠠᠢ ᠦᠭᠡᠷ ᠤᠨ ᠬᠡᠯᠡ ᠨᠢ ᠬᠦᠳᠡᠬᠢ᠂ ᠬᠡᠯᠡᠨ ᠤ ᠥᠡᠭᠬᠦᠷ ᠨᠢ ᠵᠤᠵᠠᠭᠠᠨ᠂ ᠪᠠᠷᠵᠠᠭᠠᠷ᠂ ᠬᠡᠷᠡᠯ | ᠦᠭᠡᠢ᠂ ᠣᠯᠠᠩᠬᠢ ᠳᠠᠭᠠᠨ ᠰᠢᠷ᠎ᠠ᠂ ᠴᠠᠭᠠᠪᠳᠤᠷ᠂ ᠬᠦᠷᠡᠩ ᠥᠡᠭᠭᠡ ᠲᠠᠢ ᠪᠠᠶᠢᠳᠠᠭ᠃ | ᠲᠠᠪᠤ᠂ ᠠᠮᠠᠨ ᠤ ᠬᠦᠨᠲᠡᠢ ᠶᠢ ᠨᠢ ᠦᠵᠡᠨ᠎ᠡ᠃ ᠡᠷᠡᠬᠦᠯ ᠦᠭᠡᠢ ᠤᠨ ᠠᠮᠠᠨ ᠤ ᠬᠦᠨᠲᠡᠢ ᠶᠢᠨ ᠰᠠᠯᠢᠰᠤ ᠨᠢ ᠤᠯᠠᠭᠠᠪᠳᠣᠷ᠂ ᠬᠠᠯᠠᠭᠤᠨ ᠨᠢ ᠬᠡᠪ ᠤᠨ | ᠦᠨᠦᠷ ᠦᠭᠡᠢ᠃ ᠬᠡᠮ ᠲᠠᠢ ᠦᠭᠡᠷ ᠤᠨ ᠠᠮᠠᠨ ᠤ ᠬᠦᠨᠲᠡᠢ ᠨᠢ ᠬᠠᠶᠠ ᠬᠦᠢᠳᠡᠨ᠂ ᠬᠠᠶᠠ ᠬᠠᠯᠠᠭᠤᠨ᠂ ᠰᠠᠯᠢᠰᠤ ᠨᠢ ᠴᠠᠶᠢᠷᠠᠨ ᠭᠤᠭᠤᠵᠢᠬᠤ ᠪᠤᠶᠤ ᠬᠠᠳᠠᠵᠦ | ᠤᠯᠠᠶᠢᠭᠠᠳ ᠦᠮᠡᠬᠡᠢ ᠥᠨᠥᠷ ᠭᠠᠷᠳᠠᠭ᠃ | ᠵᠢᠷᠭᠤᠭ᠎ᠠ᠂ ᠦᠰᠦᠨ ᠤ ᠥᠡᠭᠭᠡ ᠶᠢ ᠨᠢ ᠦᠵᠡᠨ᠎ᠡ᠃ ᠡᠷᠡᠭᠦᠯ ᠦᠭᠡᠷ ᠤᠨ ᠦᠰᠦᠨ ᠤ ᠥᠡᠭᠭᠡ ᠨᠢ ᠬᠢᠯᠳᠤᠭᠠᠨᠠᠵᠦ᠂ ᠤᠶᠠᠨ ᠬᠠᠳᠠᠨ ᠴᠢᠨᠠᠷ ᠲᠠᠢ | ᠪᠠᠶᠢᠳᠠᠭ᠃ ᠬᠡᠮ ᠲᠠᠢ ᠦᠭᠡᠷ ᠤᠨ ᠦᠰᠦ ᠨᠢ ᠪᠣᠷᠵᠠᠶᠢᠭᠠᠳ ᠥᠡᠭᠭᠡ ᠬᠢᠯᠪᠠᠭ᠎ᠠ ᠦᠭᠡᠢ ᠪᠣᠯᠳᠠᠭ᠃ | ᠲᠤᠯᠤᠭ᠎ᠠ᠂ ᠡᠪᠡᠷ ᠤᠨ ᠤᠭ ᠢ ᠦᠵᠡᠨ᠎ᠡ᠃ ᠡᠷᠡᠭᠦᠯ ᠦᠬᠡᠷ ᠤᠨ ᠡᠪᠡᠷ ᠤᠨ ᠦᠵᠦᠬᠦᠷ ᠨᠢ ᠬᠦᠢᠳᠡᠨ᠂ ᠤᠭ ᠨᠢ ᠬᠠᠯᠠᠭᠤᠨ ᠪᠠᠶᠢᠳᠠᠭ᠃ ᠬᠡᠮ ᠲᠠᠢ | ᠦᠭᠡᠷ ᠤᠨ ᠡᠪᠡᠷ ᠤᠨ ᠤᠭ ᠨᠢ ᠬᠦᠢᠳᠡᠨ ᠪᠢᠰᠢ ᠪᠤᠯ ᠬᠠᠪ ᠬᠠᠯᠠᠭᠤᠨ ᠪᠠᠶᠢᠳᠠᠭ᠃ | ᠨᠠᠢᠮᠠ᠂ ᠬᠡᠪᠢᠬᠦ ᠶᠢ ᠨᠢ ᠦᠵᠡᠨ᠎ᠡ᠃ ᠡᠷᠡᠭᠦᠯ ᠦᠬᠡᠷ ᠤᠳᠠᠭ᠎ᠠ ᠪᠦᠷᠢ ᠡᠪᠡᠰᠦ ᠢᠳᠡᠭᠰᠡᠨ ᠤ ᠲᠠᠷᠠᠭ᠎ᠠ ᠬᠠᠭᠠᠰ ᠠᠴᠠ ᠨᠢᠭᠡ ᠴᠠᠭ ᠬᠡᠪᠢᠨ᠎ᠡ᠃ ᠨᠢᠭᠡ | ᠬᠤᠨᠤᠭ ᠲᠤ 4 — 8 ᠤᠳᠠᠭ᠎ᠠ ᠬᠡᠪᠢᠳᠡᠭ᠃ ᠬᠡᠮ ᠲᠠᠢ ᠦᠬᠡᠷ ᠬᠡᠪ ᠤᠨ ᠪᠤᠰᠤ ᠬᠡᠪᠢᠬᠦ ᠪᠤᠶᠤ ᠬᠡᠪᠢᠬᠦ ᠦᠬᠡᠢ ᠪᠠᠶᠢᠳᠠᠭ᠃ | ᠶᠢᠰᠦ᠂ ᠪᠠᠭᠠᠰᠤ ᠰᠢᠭᠡᠰᠤ ᠶᠢ ᠨᠢ ᠦᠵᠡᠨ᠎ᠡ᠃ ᠡᠷᠡᠭᠦᠯ ᠦᠬᠡᠷ ᠤᠨ ᠪᠠᠭᠠᠰᠤ ᠨᠢ ᠵᠥᠭᠡᠯᠡᠨ ᠪᠣᠯᠪᠠᠴᠦ ᠰᠢᠩᠭᠡᠨ ᠪᠢᠰᠢ᠂ ᠬᠠᠳᠠᠭᠤ ᠪᠣᠯᠪᠠᠴᠦ | ᠵᠠᠩᠬᠢᠷᠠᠭ᠎ᠠ ᠦᠭᠡᠢ᠂ ᠮᠠᠭᠤᠬᠠᠢ ᠥᠨᠥᠷ ᠦᠬᠡᠢ᠃ ᠰᠢᠬᠡᠰᠦ ᠨᠢ ᠲᠤᠩᠭᠠᠯᠠᠭ᠂ ᠪᠠᠭᠠᠵᠤ ᠰᠢᠭᠡᠬᠦ ᠨᠢ ᠲᠤᠭᠳᠠᠪᠤᠷᠢᠲᠡᠢ ᠪᠠᠶᠢᠳᠠᠭ᠃ ᠬᠡᠮ ᠲᠠᠢ ᠦᠬᠡᠷ ᠤᠨ | ᠪᠠᠭᠠᠵᠦ ᠰᠢᠭᠡᠬᠦ ᠨᠢ ᠲᠤᠭᠳᠠᠪᠤᠷᠢ ᠦᠭᠡᠢ᠃ ᠵᠠᠷᠢᠮ ᠳᠠᠭᠠᠨ ᠰᠢᠩᠬᠡᠨ᠂ ᠵᠠᠷᠢᠮ ᠳᠠᠭᠠᠨ ᠬᠠᠳᠠᠭᠤ ᠪᠠᠶᠢᠵᠦ ᠴᠢᠨᠠᠭᠰᠢᠯᠠᠪᠠᠯ ᠪᠠᠭᠠᠬᠤ ᠪᠠᠨ ᠪᠣᠯᠢᠳᠠᠭ᠃ ᠰᠢᠭᠡᠰᠦ | ᠨᠢ ᠰᠢᠷ᠎ᠡ ᠪᠤᠶᠤ ᠴᠢᠰᠦ ᠲᠠᠢ ᠪᠠᠶᠢᠳᠠᠭ᠃ | ᠠᠷᠪᠠ᠂ ᠠᠯᠬᠤᠭ᠎ᠠ ᠶᠢ ᠨᠢ ᠦᠵᠡᠨ᠎ᠡ᠃ ᠡᠷᠡᠭᠦᠯ ᠦᠬᠡᠷ ᠤᠨ ᠠᠯᠬᠤᠬᠤ ᠨᠢ ᠴᠤᠭ ᠵᠢᠪᠬᠤᠭ᠎ᠠ ᠲᠠᠢ᠂ ᠯᠠᠪᠳᠠᠭᠤᠨ ᠬᠦᠴᠦᠲᠡᠢ᠃ ᠲᠣᠯᠣᠭᠠᠢ ᠪᠠᠨ | ᠰᠠᠵᠢᠯᠠᠭᠤᠯᠵᠤ ᠰᠡᠭᠦᠯ ᠢᠶᠠᠨ ᠬᠦᠳᠡᠯᠭᠡᠳᠡᠭ᠃ ᠬᠡᠮ ᠲᠠᠢ ᠦᠬᠡᠷ ᠤᠨ ᠠᠯᠬᠤᠬᠤ ᠨᠢ ᠬᠦᠴᠦ ᠮᠠᠭᠤᠲᠠᠢ᠂ ᠰᠡᠭᠦᠯ ᠢᠶᠠᠨ ᠬᠦᠳᠠᠯᠭᠡᠬᠦ ᠦᠭᠡᠢ᠂ ᠠᠯᠬᠤᠬᠤ ᠲᠤᠷ᠎ᠠ | ᠦᠭᠡᠢ ᠪᠤᠶᠤ ᠬᠡᠪᠳᠡᠴᠢᠭᠡᠭᠡᠳ ᠪᠤᠰᠬᠤ ᠦᠭᠡᠢ ᠪᠠᠶᠢᠳᠠᠭ᠃ | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |