ᠮᠠᠨ ᠤ ᠬᠤᠰᠢᠭᠤ ᠠᠳᠤᠭᠤᠨ ᠤ ᠠᠵᠤ ᠤᠶᠢᠯᠡᠰ ᠢ ᠬᠦᠭᠵᠢᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2025/1/24
      ᠮᠠᠨ ᠤ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶ᠎ᠠ ᠮᠤᠩᠭᠤᠯ ᠠᠳᠤᠭᠤᠨ ᠤ ᠡᠭᠦᠯᠳᠡᠷ ᠢ ᠬᠠᠮᠠᠭᠠᠯᠠᠬᠤ ᠶᠢᠨ ᠬᠠᠮᠳᠤ ᠠᠳᠤᠭᠤᠨ ᠤ ᠠᠵᠤ ᠦᠢᠯᠡᠰ ᠢ ᠬᠦᠭᠵᠢᠭᠦᠯᠭᠦ ᠶᠢᠨ ᠲᠥᠯᠥᠭᠡ ᠭᠠᠳᠠᠨ᠎ᠠ ᠤᠷᠤᠨ ᠠᠴᠠ ᠰᠦᠨ ᠤ ᠭᠠᠷᠤᠯᠲᠠ ᠥᠨᠳᠥᠷ ᠰᠡᠶᠢᠨ ᠡᠭᠦᠯᠳᠡᠷ ᠤᠨ ᠲᠠᠪᠢ ᠭᠠᠷᠤᠢ ᠭᠡᠭᠦᠦ ᠶᠢ ᠤᠷᠤᠭᠤᠯᠤᠨ ᠠᠪᠴᠢᠷᠠᠵᠤ ᠰᠦᠨ ᠤ ᠴᠢᠨᠡᠷ ᠢ ᠲᠡᠭᠡᠭᠰᠢᠯᠡᠭᠦᠯᠵᠦ ᠪᠠᠶᠢᠨ᠎ᠠ᠃        ᠰᠤᠷᠪᠤᠯᠵᠢᠯᠠᠭᠴᠢ ᠭᠠᠯᠠᠭᠤᠳᠤ  ᠪᠠᠯᠭᠠᠰᠤᠨ ᠤ ᠪᠤᠵᠠᠢ ᠭᠠᠴᠠᠭᠠᠨ ᠤ ᠬᠡᠭᠡᠷᠡᠯᠳᠤ ᠶᠢᠨ ᠭᠡᠷ ᠲᠤ ᠬᠦᠷᠭᠦ ᠳᠤ ᠲᠡᠷᠡ ᠭᠠᠳᠠᠨ᠎ᠠ ᠤᠷᠤᠨ ᠠᠴᠠ ᠤᠷᠤᠭᠤᠯᠤᠨ ᠠᠪᠴᠢᠷᠠᠭᠰᠠᠨ ᠰᠡᠶᠢᠨ ᠡᠭᠦᠯᠳᠡᠷ ᠤᠨ ᠭᠡᠭᠦᠤ ᠪᠠᠨ ᠲᠡᠵᠢᠭᠡᠵᠦ ᠪᠠᠶᠢᠯ᠎ᠠ᠃ ᠤᠶᠠᠭᠠᠴᠢ ᠤᠳᠤᠮ ᠲᠠᠢ ᠬᠡᠬᠡᠷᠡᠯᠳᠤ ᠡᠨᠡ ᠤᠳᠠᠭ᠎ᠠ ᠰᠦᠨ ᠤ ᠭᠠᠷᠤᠯᠳᠠ ᠦᠨᠳᠤᠷ ᠰᠡᠶᠢᠨ ᠡᠭᠦᠯᠳᠡᠷ ᠤᠨ 10 ᠭᠡᠭᠦᠤ ᠶᠢ ᠬᠤᠳᠠᠯᠳᠤᠨ ᠠᠪᠴᠤ ᠭᠡᠭᠦᠤ ᠰᠠᠭᠠᠵᠤ ᠴᠡᠭᠡ ᠪᠤᠯᠪᠠᠰᠤᠷᠠᠭᠤᠯᠤᠨ ᠵᠠᠬ᠎ᠠ ᠲᠡᠯᠭᠡᠭᠦᠷ ᠲᠤ ᠪᠤᠷᠤᠯᠠᠭᠤᠯᠵᠤ ᠠᠵᠤ ᠠᠬᠤᠢ ᠶᠢᠨ ᠤᠷᠤᠯᠭ᠎ᠠ ᠣᠯᠬᠤ ᠪᠠᠷ ᠪᠠᠶᠢᠨ᠎ᠠ᠃       ᠭᠠᠯᠠᠭᠤᠳᠤ ᠪᠠᠯᠭᠠᠰᠤᠨ ᠤ ᠪᠤᠵᠠᠢ ᠭᠠᠴᠠᠭᠠᠨ ᠤ ᠮᠠᠯᠴᠢᠨ ᠬᠡᠭᠡᠷᠡᠯᠳᠤ ᠄ ︽ᠮᠢᠨᠤ ᠠᠲᠡ ᠰᠠᠭᠤᠷᠢ ᠪᠦᠳᠤᠭᠡᠨ ᠪᠠᠶᠢᠭᠤᠯᠤᠯᠳᠠ ᠪᠤᠯᠤᠨ ᠴᠡᠭᠡ ᠪᠤᠯᠪᠠᠰᠤᠷᠠᠭᠤᠯᠬᠤ ᠲᠠᠰᠤᠭ ᠢ ᠦᠨᠳᠤᠰᠣᠨ ᠳᠤ ᠪᠠᠨ ᠠᠰᠢᠭᠯᠠᠯᠳᠠ ᠳᠤ ᠤᠷᠤᠭᠤᠯᠵᠤ᠂ ᠢᠷᠡᠭᠦ ᠵᠢᠯ ᠳᠤ ᠴᠡᠭᠡ ᠶᠢᠨ ᠤᠶᠢᠯᠡᠰ ᠢ ᠶᠡᠭᠡᠪᠡᠷ ᠬᠢᠭᠦ ᠪᠠᠷ ᠪᠡᠯᠡᠭᠡᠨ ᠪᠠᠶᠢᠨ᠎ᠠ᠃ ᠡᠭᠦᠨ ᠢ ᠬᠢᠳᠡᠭ ᠤᠨ ᠵᠣᠷᠢᠯᠭ᠎ᠠ ᠨᠢ ᠠᠳᠤᠭᠤᠨ ᠤ ᠠᠵᠤ ᠤᠶᠢᠯᠡᠰ ᠢ ᠬᠦᠭᠵᠢᠭᠦᠯᠵᠦ ᠦᠪᠡᠷ ᠤᠨ ᠠᠰᠢᠭ ᠤᠷᠤᠯᠭ᠎ᠠ ᠪᠠᠨ ᠨᠡᠮᠡᠭᠳᠡᠭᠦᠯᠭᠦ ᠶᠢᠨ ᠲᠥᠯᠥᠭᠡ ᠶᠤᠮ︾ ᠭᠡᠵᠤ ᠪᠠᠶᠢᠯ᠎ᠠ᠃      ᠲᠤᠭ ᠪᠠᠯᠭᠠᠰᠤᠨ ᠤ ᠲᠤᠪᠤᠭ ᠭᠠᠴᠠᠭᠠᠨ ᠤ ᠬᠦᠴᠦᠠᠪᠦ᠋ᠷᠢᠨ ᠤ ᠬᠢᠨ ᠴᠤ ᠡᠨᠡ ᠤᠳᠠᠭᠠᠨ ᠤ ᠬᠠᠷᠠᠭᠠᠯᠵᠠᠯ ᠤᠨ ᠲᠥᠷᠥ ᠶᠢᠨ ᠪᠣᠳᠤᠯᠭ᠎ᠠ ᠪᠠᠷ ᠭᠠᠳᠠᠨ᠎ᠠ ᠤᠷᠤᠨ ᠠᠴᠠ 10 ᠭᠡᠭᠦᠤ ᠬᠤᠳᠠᠯᠳᠤᠨ ᠠᠪᠤᠭᠰᠠᠨ ᠪᠠᠶᠢᠨ᠎ᠠ᠃       ᠬᠦᠴᠦᠠᠪᠦ᠋ᠷᠢᠨ ᠤ ᠬᠢᠨ ᠤᠣᠯ ᠠᠴᠠ ᠭᠤᠴᠢ ᠭᠠᠷᠤᠢ ᠦᠤᠰᠢᠨ ᠠᠳᠤᠭᠤᠨ ᠤ ᠭᠡᠭᠦᠤ ᠲᠡᠵᠢᠭᠡᠵᠦ ᠴᠡᠭᠡ ᠰᠠᠭᠠᠵᠤ ᠭᠠᠳᠠᠭᠰᠢ ᠪᠤᠷᠤᠯᠠᠭᠤᠯᠬᠤ ᠵᠢᠴᠢ ᠴᠡᠭᠡ ᠵᠠᠰᠠᠯ ᠬᠢᠳᠡᠭ ᠪᠠᠶᠢᠵᠠᠢ᠃ ᠡᠨᠡ ᠤᠳᠠᠭ᠎ᠠ ᠰᠡᠶᠢᠨ ᠡᠬᠦᠯᠳᠡᠷ ᠤᠨ ᠭᠡᠭᠦᠤ ᠶᠢ ᠬᠤᠳᠠᠯᠳᠤᠨ ᠠᠪᠴᠤ ᠴᠡᠭᠡ ᠶᠢᠨ ᠴᠢᠨᠡᠷ ᠢ ᠤᠯᠠᠮ ᠰᠠᠶᠢᠨ ᠪᠤᠯᠭᠠᠵᠤ᠂ ᠨᠡᠩ ᠦᠨᠳᠤᠷ ᠠᠵᠤ ᠠᠬᠤᠢ ᠶᠢᠨ ᠤᠷᠤᠯᠭ᠎ᠠ ᠣᠯᠬᠤ ᠪᠠᠷ ᠪᠠᠶᠢᠨ᠎ᠠ᠃      ᠤᠷᠴᠢᠮ ᠤᠨ ᠭᠡᠳᠤᠨ ᠵᠢᠯ ᠮᠠᠨ ᠤ ᠬᠤᠰᠢᠭᠤ ᠮᠤᠩᠭᠤᠯ ᠠᠳᠤᠭᠤᠨ ᠤ ᠡᠭᠦᠯᠳᠡᠷ ᠢ ᠬᠠᠮᠠᠭᠠᠯᠠᠬᠤ᠂ ᠠᠳᠤᠭᠤᠨ ᠰᠤᠶᠤᠯ ᠢ ᠬᠦᠭᠵᠢᠭᠦᠯᠭᠦ ᠵᠢᠴᠢ ᠠᠳᠤᠭᠤᠨ ᠤ ᠠᠵᠤ ᠤᠶᠢᠯᠡᠰ ᠢ ᠲᠦᠯᠬᠢᠨ ᠠᠬᠢᠭᠤᠯᠬᠤ ᠠᠵᠢᠯ ᠢ ᠮᠠᠰᠢ ᠡᠷᠴᠢᠮᠳᠡᠢ ᠰᠠᠶᠢᠨ ᠬᠢᠵᠦ ᠤᠯᠠᠨ ᠵᠦᠢᠯ ᠤᠨ ᠠᠷᠭ᠎ᠠ ᠪᠠᠷᠢᠯ ᠢᠶᠠᠷ ᠮᠠᠯᠴᠢᠳ ᠤᠨ ᠠᠳᠤᠭᠤ ᠮᠠᠯᠵᠢᠬᠤ ᠢᠳᠡᠪᠬᠢᠵᠢᠯ ᠢ ᠲᠠᠶᠢᠴᠢᠯᠠᠵᠤ ᠪᠠᠶᠢᠨ᠎ᠠ᠃                                            ᠰᠤᠷᠪᠤᠯᠵᠢᠯᠠᠭᠴᠢ᠄ ᠪᠤᠶᠠᠨᠳᠤ
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ