ᠬᠤᠨᠢ ᠢᠮᠠᠭᠠᠨ ᠤ ᠬᠠᠮᠠᠭᠤ ᠡᠪᠡᠳᠴᠢᠨ ᠢ ᠰᠡᠷᠭᠡᠶᠢᠯᠡᠬᠦ ᠶᠢᠨ ᠲᠤᠰᠠᠲᠠ ᠨᠠᠮᠦᠷ ᠪᠣᠶᠣ ᠬᠠᠪᠤᠷ ᠤᠨ ᠨᠣᠣᠰᠣ ᠨᠣᠯᠣᠣᠷ ᠬᠠᠶᠢᠴᠢᠯᠠᠭᠰᠠᠨ ᠤ ᠳᠠᠷᠠᠭ᠎ᠠ | ᠬᠤᠨᠢ ᠪᠠᠨ ᠡᠮᠳᠦ ᠤᠰᠤ ᠪᠠᠷ ᠣᠬᠢᠶᠠᠪᠠᠯ ᠰᠠᠶᠢᠨ᠂ ᠰᠤᠪᠠᠭ ᠲᠠᠳᠠᠭᠠᠯ ᠤᠨ ᠣᠰᠤ ᠪᠤᠶᠤ ᠭᠠᠨᠭ᠌᠂ ᠲᠦᠡᠭᠰᠡ ᠲᠠᠢ ᠤᠰᠤᠨ ᠳᠤ ᠪᠦᠷ ᠣᠷᠣᠭᠤᠯᠵᠤ ᠪᠣᠯᠣᠨ᠎ᠠ᠃ | ᠡᠭᠦᠨ ᠳᠤ ᠲᠣᠣᠷᠠᠬᠢ ᠬᠡᠳᠤᠨ ᠲᠠᠯ᠎ᠠ ᠪᠠᠷ ᠠᠩᠬᠠᠷᠬᠤ ᠬᠡᠷᠡᠭᠲᠡᠢ᠃ | 1. ᠰᠠᠯᠬᠢ ᠦᠭᠡᠢ ᠲᠤᠩᠭᠠᠯᠠᠭ ᠡᠳᠦᠷ ᠢ ᠰᠤᠩᠭᠤᠨ᠎ᠠ᠃ ᠣᠰᠣᠨ ᠳᠤ ᠣᠷᠣᠭᠤᠯᠬᠤ ᠠᠴᠠ ᠡᠮᠦᠨ᠎ᠡ ᠬᠠᠭᠠᠰ ᠡᠳᠦᠷ ᠬᠠᠷᠢᠭᠤᠯᠬᠤ ᠪᠠᠨ ᠵᠤᠭᠰᠤᠵᠤ | ᠬᠤᠶᠠᠷ ᠴᠠᠭ ᠤᠨ ᠡᠮᠦᠨ᠎ᠡ ᠬᠠᠨᠤᠳᠠᠯ᠎ᠠ ᠤᠰᠤᠯᠠᠨ᠎ᠠ᠃ ᠡᠮᠲᠤ ᠤᠰᠤ ᠨᠢ 70 ᠰᠡᠨᠲ᠋ᠢᠮᠧᠲᠷ ᠣᠷᠴᠢᠮ ᠬᠦᠨ᠂ ᠲᠠᠷᠦᠢ ᠬᠤᠨᠢᠨ ᠤ ᠪᠡᠶ᠎ᠡ ᠶᠢ ᠪᠦᠳᠠᠳᠠᠯᠠ ᠬᠢᠪᠡᠯ | ᠪᠣᠯᠴᠢᠬᠠᠨ᠎ᠠ᠃ | 2. ᠤᠰᠤᠨ ᠳᠤ ᠣᠷᠣᠭᠤᠯᠬᠤ ᠠᠴᠠ ᠪᠠᠨ ᠡᠮᠦᠨ᠎ᠡ ᠬᠡᠮᠳᠤᠵᠦ ᠰᠢᠷᠠᠭᠳᠤᠭᠰᠠᠨ ᠬᠤᠨᠢ ᠶᠢ ᠢᠯᠭᠠᠵᠦ ᠭᠠᠷᠭᠠᠨ᠎ᠠ᠃ ᠡᠮᠲᠦ ᠣᠰᠤ ᠪᠠᠨ | ᠨᠠᠶᠢᠷᠠᠭᠤᠯᠣᠭᠰᠠᠨ ᠤ ᠲᠠᠷᠠᠭ᠎ᠠ ᠤᠷᠢᠳᠠᠪᠠᠷ ᠶᠡᠳᠡᠷ ᠲᠤᠷᠤᠢ ᠠᠴᠠ ᠨᠢ ᠬᠡᠳᠦ ᠶᠢ ᠣᠷᠣᠭᠤᠯᠵᠣ ᠲᠤᠷᠰᠢᠵᠦ ᠦᠵᠡᠭᠡᠳ ᠬᠠᠮᠢᠶ᠎ᠠ ᠦᠭᠡᠢ ᠪᠣᠯ ᠡᠷᠡᠬᠦᠯ ᠬᠤᠨᠢ ᠶᠢ | ᠤᠷᠢᠳᠠᠪᠠᠷ ᠣᠷᠣᠭᠤᠯᠵᠣ᠂ ᠡᠪᠡᠳᠴᠢᠨ ᠲᠠᠢ ᠬᠤᠨᠢ ᠶᠢ ᠰᠡᠭᠦᠯ ᠳᠤᠨᠢ ᠣᠷᠣᠭᠤᠯᠣᠨ᠎ᠠ᠃ | 3. ᠬᠤᠨᠢᠨ ᠤ ᠪᠦᠬᠦ ᠪᠡᠶ᠎ᠡ ᠶᠢ ᠨᠠᠪᠳᠠ ᠨᠣᠷᠭᠠᠨ᠎ᠠ᠃ ᠬᠡᠷᠪᠡ ᠬᠤᠨᠢ ᠲᠤᠯᠤᠭᠠᠢ ᠪᠠᠨ ᠡᠷᠭᠦᠵᠦ ᠣᠷᠣᠬᠤ ᠦᠭᠡᠢ ᠪᠣᠯ ᠰᠠᠯᠠᠭᠠᠲᠤ ᠮᠣᠳᠣ ᠪᠠᠷ ᠲᠠᠷᠤᠵᠤ | ᠲᠤᠯᠤᠭᠠᠢ ᠶᠢ ᠨᠢ ᠲᠡᠭᠡᠭᠰᠢ ᠬᠠᠨᠳᠤᠭᠤᠯᠬᠤ ᠪᠥᠭᠡᠳ ᠨᠢᠭᠡ ᠬᠤᠨᠢ ᠶᠢ ᠪᠠᠷᠤᠭ 5 ᠮᠢᠨᠦ᠋ᠲ ᠣᠷᠣᠭᠤᠯᠪᠠᠯ ᠪᠣᠯᠴᠢᠬᠠᠨ᠎ᠠ᠃ | 4. ᠬᠤᠨᠢ ᠶᠢ ᠣᠰᠣᠨ ᠠᠴᠠ ᠭᠠᠷᠭᠠᠨ ᠣᠡᠭᠭᠤᠴᠠᠨ ᠤ ᠭᠥᠪᠡᠭᠡ ᠳᠤ ᠠᠷᠪᠠᠭᠠᠳ ᠮᠢᠨᠦ᠋ᠲ ᠵᠣᠭᠰᠣᠭᠠᠵᠤ ᠪᠠᠶ᠎ᠠ ᠲᠡᠭᠡᠷᠡᠬᠢ ᠡᠮᠲᠦ ᠣᠰᠤ ᠶᠢ | ᠰᠢᠪᠬᠠᠷᠠᠭᠤᠯᠤᠨᠠ᠃ ᠪᠦᠳᠦᠭᠦᠨ ᠬᠤᠨᠢ ᠪᠠ ᠬᠤᠷᠠᠭ᠎ᠠ ᠶᠢ ᠠᠰ ᠠᠰ ᠲᠤᠨᠢ ᠣᠷᠣᠭᠤᠯᠪᠠᠯ ᠵᠤᠬᠢᠨ᠎ᠠ᠃ | 5. ᠪᠡᠶ᠎ᠡ ᠲᠡᠭᠡᠷᠡᠬᠢ ᠣᠰᠤ ᠨᠢ ᠨᠠᠯᠢᠶᠠᠳ ᠰᠢᠪᠬᠠᠷᠤᠭᠰᠠᠨ ᠤ ᠰᠡᠭᠦᠯᠡᠷ ᠬᠤᠨᠢ ᠶᠢ ᠰᠡᠷᠠᠪᠴᠢ ᠪᠣᠶᠣ ᠬᠤᠷᠣᠭᠠᠨ ᠳᠤᠨᠢ ᠣᠷᠣᠭᠤᠯᠵᠤ ᠪᠣᠯᠣᠨ᠎ᠠ᠃ | ᠰᠢᠭᠤᠳ ᠨᠠᠷᠠ ᠦᠵᠡᠭᠦᠯᠵᠦ ᠪᠣᠯᠬᠤ ᠦᠭᠡᠢ᠃ ᠬᠤᠣᠷᠠᠳᠠᠭᠳᠠᠭᠰᠠᠨ ᠪᠠᠶᠢᠪᠠᠯ ᠲᠦᠷᠭᠡᠨ ᠠᠪᠤᠷᠠᠬᠤ ᠬᠡᠷᠡᠭᠲᠡᠢ᠃ | 6. ᠡᠮᠲᠦ ᠣᠰᠣ ᠨᠠᠶᠢᠷᠠᠭᠤᠯᠬᠤ ᠳᠠᠭᠠᠨ ᠬᠠᠮᠠᠭᠤ ᠡᠪᠡᠳᠴᠢᠨ ᠢ ᠵᠠᠰᠠᠬᠤ ᠡᠮ ᠤᠨ ᠲᠤᠳᠤᠷᠬᠠᠶᠢᠯᠠᠯᠲᠠ ᠶᠢ ᠯᠠᠪᠯᠠᠬᠤ ᠬᠡᠷᠡᠭᠲᠡᠢ᠃ | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |