ᠨᠢᠭᠡ᠂ ᠡᠭᠦᠯᠳᠡᠷ ᠤᠭᠰᠠᠭ᠎ᠠ ᠶᠢ ᠰᠠᠶᠢᠳᠣᠷ ᠰᠤᠩᠭᠤᠬᠤ ᠬᠡᠷᠡᠭᠲᠡᠢ᠃ ᠡᠪᠡᠳᠴᠢᠨ ᠦᠭᠡᠢ 1 — 6 ᠨᠠᠰᠣᠨ ᠤ ᠪᠠᠶ᠎ᠠ ᠪᠢᠯᠳᠠᠷ ᠢᠶᠠᠷ ᠪᠤᠵᠠᠭᠠᠢ᠂ | ᠲᠠᠷᠭᠤ ᠬᠦᠴᠦ ᠪᠠᠷ ᠲᠤᠮᠳᠠ ᠲᠥᠯᠥᠪ ᠤᠨ ᠡᠷᠯᠢᠰᠵᠢᠬᠦᠯᠦᠭᠰᠡᠨ ᠨᠢᠭᠡᠳᠦᠭᠡᠷ᠂ ᠬᠤᠶᠠᠳᠣᠭᠠᠷ ᠦᠶ᠎ᠡ ᠶᠢᠨ ᠦᠭᠡᠷ ᠪᠤᠯ ᠬᠠᠮᠤᠭ ᠰᠠᠶᠢᠨ ᠶᠤᠮ᠃ ᠤᠶᠢᠯᠡᠳᠦᠯ | ᠢᠶᠠᠨ ᠠᠯᠳᠠᠭᠰᠠᠨ ᠬᠥᠯᠥᠰᠢᠨ ᠦᠭᠡᠷ ᠴᠤ ᠪᠤᠯᠤᠨ᠎ᠠ᠂ ᠨᠠᠰᠤ ᠬᠦᠢᠴᠡᠭᠰᠡᠨ ᠦᠭᠡᠷ ᠢ ᠶᠡᠷᠦ ᠳᠡᠭᠡᠨ ᠭᠤᠷᠪᠠᠨ ᠰᠠᠷ᠎ᠠ ᠪᠤᠷᠳᠤᠵᠤ᠂ ᠪᠠᠭ᠎ᠠ ᠨᠠᠰᠣᠨ ᠤ ᠦᠭᠡᠷ ᠢ | ᠪᠤᠯ ᠲᠥᠷᠪᠡᠨ ᠰᠠᠷ᠎ᠠ ᠪᠤᠷᠳᠤᠪᠠᠯ ᠪᠤᠯᠴᠢᠬᠠᠨ᠎ᠠ᠃ | ᠬᠤᠶᠠᠷ᠂ ᠦᠭᠡᠷ ᠪᠤᠷᠳᠤᠬᠤ ᠪᠤᠷᠳᠤᠭ᠎ᠠ᠃ ᠪᠤᠷᠳᠤᠬᠤ ᠠᠴᠠ ᠡᠮᠦᠨ᠎ᠡ ᠬᠤᠷᠣᠬᠠᠢ ᠬᠥᠭᠡᠭᠡᠬᠦ ᠪᠠ ᠬᠢᠵᠢᠭ ᠰᠡᠷᠭᠡᠶᠢᠯᠡᠬᠦ ᠠᠵᠢᠯ ᠢ ᠰᠠᠶᠢᠳᠤᠷ ᠬᠢᠬᠦ | ᠬᠡᠷᠡᠭᠲᠡᠢ᠃ ᠨᠢᠭᠡ ᠦᠭᠡᠷ ᠢ ᠪᠣᠷᠳᠣᠬᠤ ᠳᠤ ᠡᠷᠳᠡᠨᠢ ᠰᠢᠰᠢ 100 — 150 ᠺᠢᠯᠥᠭᠷᠠᠮ᠂ ᠠᠷᠢᠬᠢᠨ ᠤ ᠱᠠᠷᠤᠭ 100 — 200 ᠺᠢᠯᠥᠭᠷᠠᠮ᠂ ᠳ᠋ᠸᠤᠪᠢᠡᠭ | ᠤᠨ ᠲᠥᠷᠥᠯ 50 ᠺᠢᠯᠥᠭᠷᠠᠮ᠂ ᠬᠠᠭᠤᠷᠠᠢ ᠡᠪᠡᠰᠦ 150 — 300 ᠺᠢᠯᠥᠭᠷᠠᠮ ᠬᠡᠷᠡᠭᠰᠡᠨ᠎ᠡ᠂ ᠪᠠᠰᠠ ᠵᠤᠬᠢᠬᠤ ᠬᠡᠮᠵᠢᠶᠡᠨ ᠤ ᠬᠤᠭᠤᠯᠠᠨ ᠲᠠᠪᠤᠰᠤ ᠪᠠ | ᠨᠠᠮᠠᠯᠲᠠ ᠨᠣᠨᠳᠠᠭ ᠪᠠᠶᠢᠬᠤ ᠬᠡᠷᠡᠭᠲᠡᠢ᠃ | ᠨᠢᠭᠡᠳᠦᠭᠡᠷ ᠬᠤᠭᠤᠴᠠᠭ᠎ᠠ ᠨᠢ 10 — 25 ᠡᠳᠦᠷ᠃ ᠡᠳᠦᠷ ᠪᠦᠷᠢ ᠠᠷᠢᠬᠢᠨ ᠤ ᠱᠠᠷᠤᠭ 5 — 15 ᠺᠢᠯᠥᠭᠷᠠᠮ᠂ ᠡᠷᠳᠠᠨᠢ ᠰᠢᠰᠢ ᠶᠢᠨ ᠭᠤᠯᠢᠷ 1 | — 2 ᠺᠢᠯᠥᠭᠷᠠᠮ᠂ ᠬᠠᠭᠤᠷᠠᠢ ᠡᠪᠠᠰᠤ 15 — 25 ᠺᠢᠯᠥᠭᠷᠠᠮ ᠬᠡᠷᠡᠭᠯᠡᠵᠦ᠂ ᠪᠠᠭ᠎ᠠ ᠬᠡᠮᠵᠢᠶᠡᠨ ᠤ ᠲᠠᠪᠤᠰᠤ ᠬᠢᠨ᠎ᠡ᠃ ᠰᠢᠩᠭᠡᠭᠡᠯᠲᠡ ᠨᠢ ᠮᠠᠭᠤ᠂ ᠬᠠᠮᠠᠷ ᠠᠮᠠ | ᠨᠢ ᠬᠠᠳᠠᠬᠤ ᠳᠤ ᠬᠦᠷᠪᠡᠯ ᠭᠠᠨ ᠰᠢᠶᠤᠤ ᠮᠣ᠋ ᠡᠮ ᠢ 20 — 50 ᠬᠠᠪᠳᠠᠭᠠᠢ ᠢᠳᠡᠭᠦᠯᠦᠨ᠎ᠡ︔ ᠪᠠᠭᠠᠰᠤ ᠨᠢ ᠬᠠᠳᠠᠬᠤ ᠳᠤ ᠬᠦᠷᠪᠡᠯ ᠬᠤᠯᠢᠮᠠᠭ ᠸᠢᠲ᠋ᠠᠮᠢᠨ ᠢ | ᠤᠳᠠᠭ᠎ᠠ ᠪᠦᠷᠢ 25 ᠭᠷᠠᠮ ᠢᠳᠡᠭᠦᠯᠦᠨ᠎ᠡ᠃ ᠭᠡᠬᠦ ᠳᠡᠭᠡᠨ ᠪᠠᠰᠠ ᠪᠠᠭ᠎ᠠ ᠬᠡᠮᠵᠢᠶᠡᠨ ᠤ ᠤᠷᠭᠤᠮᠠᠯ ᠤᠨ ᠲᠤᠰᠤ ᠶᠢ ᠬᠤᠯᠢᠨ᠎ᠠ᠃ | ᠬᠤᠶᠠᠳᠤᠭᠠᠷ ᠬᠤᠭᠤᠴᠠᠭ᠎ᠠ ᠨᠢ 70 — 90 ᠡᠳᠦᠷ︔ ᠡᠬᠢᠨ ᠤ ᠬᠤᠭᠤᠴᠠᠭᠠᠨ ᠳᠤ ᠡᠳᠦᠷ ᠠᠷᠢᠬᠢᠨ ᠤ ᠱᠠᠷᠤᠭ 15 — 20 ᠺᠢᠯᠥᠭᠷᠠᠮ ᠡᠷᠳᠡᠨᠢ | ᠰᠢᠰᠢ ᠶᠢᠨ ᠭᠤᠯᠢᠷ 2 — 3 ᠺᠢᠯᠥᠭᠷᠠᠮ᠂ ᠳ᠋ᠸᠤᠪᠢᠡᠭ 1 ᠺᠢᠯᠥᠭᠷᠠᠮ᠂ ᠬᠠᠭᠤᠷᠠᠢ ᠡᠪᠡᠰᠦ 5 — 10 ᠺᠢᠯᠥᠭᠷᠠᠮ ᠢᠳᠡᠬᠦᠯᠵᠦ᠂ ᠪᠠᠭ᠎ᠠ ᠬᠡᠮᠵᠢᠶᠡᠨ ᠤ | ᠬᠤᠭᠤᠯᠠᠨ ᠲᠠᠪᠤᠰᠤ ᠬᠢᠨ᠎ᠡ᠃ ᠰᠡᠭᠦᠯᠴᠢ ᠶᠢᠨ ᠬᠤᠭᠤᠴᠠᠭᠠᠨ ᠳᠤ ᠡᠳᠦᠷ ᠪᠦᠷᠢ ᠠᠷᠢᠬᠢᠨ ᠤ ᠱᠠᠷᠤᠭ 20 — 25 ᠺᠢᠯᠥᠭᠷᠠᠮ᠂ ᠡᠷᠳᠡᠨᠢ ᠰᠢᠰᠢ ᠶᠢᠨ ᠭᠤᠯᠢᠷ | 3 — 4 ᠺᠢᠯᠥᠭᠷᠠᠮ᠂ ᠳ᠋ᠸᠣᠪᠢᠡᠭ 1 ᠺᠢᠯᠥᠭᠷᠠᠮ᠂ ᠬᠠᠭᠤᠷᠠᠢ ᠡᠪᠡᠰᠦ 2.5 — 5 ᠺᠢᠯᠥᠭᠷᠠᠮ ᠪᠠ ᠪᠠᠭ᠎ᠠ ᠬᠡᠮᠵᠢᠶᠡᠨ ᠤ ᠬᠤᠭᠤᠯᠠᠨ ᠲᠠᠪᠤᠰᠤ ᠢᠳᠡᠭᠦᠯᠦᠨ᠎ᠡ᠃ | ᠡᠨᠡ ᠬᠦ ᠬᠤᠭᠤᠴᠠᠭ᠎ᠠ ᠥᠡᠭᠭᠡᠷᠡᠭᠰᠡᠨ ᠤ ᠲᠠᠷᠠᠭ᠎ᠠ ᠣᠯᠠᠩᠬᠢ ᠦᠬᠡᠷ ᠴᠥᠮ ᠲᠠᠷᠭᠤ ᠠᠪᠳᠠᠭ ᠪᠠᠶᠢᠨ᠎ᠠ᠃ | ᠭᠤᠷᠪᠠᠳᠤᠭᠠᠷ ᠬᠤᠭᠤᠴᠠᠭ᠎ᠠ ᠨᠢ 20 — 35 ᠡᠳᠦᠷ︔ ᠲᠠᠷᠭᠤ ᠮᠠᠭᠤᠬᠠᠨ ᠦᠭᠡᠷ ᠲᠤ ᠨᠠᠷᠢᠯᠢᠭ ᠬᠤᠭᠤᠯᠠ ᠨᠡᠮᠡᠵᠦ ᠢᠳᠡᠭᠦᠯᠦᠨ᠎ᠡ᠃ ᠡᠳᠦᠷ ᠲᠤ | ᠠᠷᠢᠬᠢᠨ ᠱᠠᠷᠤᠭ 2.8 — 3 ᠺᠢᠯᠥᠭᠷᠠᠮ᠂ ᠡᠷᠳᠡᠨᠢ ᠰᠢᠰᠢ ᠶᠢᠨ ᠭᠤᠯᠢᠷ 4 — 5 ᠺᠢᠯᠥᠭᠷᠠᠮ᠂ ᠬᠠᠭᠤᠷᠠᠢ ᠡᠪᠡᠰᠦ 1.5 — 2 ᠺᠢᠯᠥᠭᠷᠠᠮ᠂ ᠳ᠋ᠸᠤᠪᠢᠡᠭ 1 | — 1.5 ᠺᠢᠯᠥᠭᠷᠠᠮ᠂ ᠬᠤᠭᠤᠯᠠᠨ ᠲᠠᠪᠤᠰᠤ 50 ᠭᠷᠡᠮ ᠢᠳᠡᠭᠦᠯᠦᠨ᠎ᠡ᠃ ᠬᠡᠷᠪᠡ ᠦᠬᠡᠷ ᠢᠳᠡᠬᠦ ᠦᠬᠡᠢ ᠪᠣᠯᠬᠤ ᠳᠤ ᠬᠦᠷᠪᠡᠯ ᠭᠠᠨ ᠰᠢᠶᠤᠤ ᠮᠤ᠋ ᠶᠢ 40 — | 60 ᠬᠠᠪᠳᠠᠭᠠᠢ ᠤᠤᠭᠤᠯᠭᠠᠨ᠎ᠠ᠃ ᠤᠷᠢᠳᠡᠪᠡᠷ ᠪᠦᠳᠦᠭᠦᠯᠢᠭ ᠬᠤᠭᠤᠯᠠᠨ ᠤ ᠲᠠᠷᠠᠭ᠎ᠠ ᠨᠠᠷᠢᠯᠢᠭ ᠬᠤᠭᠤᠯᠠ ᠥᠭᠴᠦ᠂ ᠪᠠᠭ᠎ᠠ ᠪᠠᠭ᠎ᠠ ᠪᠠᠷ ᠨᠠᠮᠡᠵᠦ ᠤᠰᠤ ᠰᠠᠶᠢᠨ | ᠤᠤᠭᠤᠯᠭᠠᠬᠤ ᠪᠥᠭᠡᠳ ᠡᠳᠦᠷ ᠪᠦᠷᠢ 2 ᠤᠳᠠᠭ᠎ᠠ᠂ ᠤᠳᠠᠭ᠎ᠠ ᠪᠦᠷᠢ 8 — 9 ᠬᠤᠪᠢ ᠴᠠᠳᠬᠠᠨ᠎ᠠ᠃ | ᠭᠤᠷᠪᠠ᠂ ᠪᠤᠷᠳᠤᠬᠤ ᠦᠬᠡᠷ ᠤᠨ ᠬᠠᠮᠢᠶᠠᠷᠦᠯᠲᠡ᠃ ᠢᠯᠵᠡᠷᠡᠵᠦ ᠬᠡᠮᠳᠦᠭᠰᠡᠨ᠂ ᠰᠢᠷᠦᠢ ᠡᠯᠡᠰᠦ ᠲᠠᠢ ᠡᠪᠡᠰᠦ ᠪᠣᠷᠳᠤᠭ᠎ᠠ ᠶᠢ ᠬᠡᠷᠡᠭᠯᠡᠵᠦ ᠪᠣᠯᠬᠤ ᠦᠭᠡᠢ | ᠃ ᠪᠤᠵᠠᠷ ᠤᠰᠤ ᠪᠤᠶᠤ ᠬᠠᠴᠢᠨ ᠰᠣᠨᠢᠨ ᠦᠨᠦᠷ ᠲᠠᠢ ᠤᠰᠤ ᠪᠠᠷ ᠤᠰᠤᠯᠠᠵᠦ ᠪᠣᠯᠬᠤ ᠦᠭᠡᠢ ᠬᠤᠭᠤᠯᠠᠨ ᠤᠡᠭᠭᠤᠴᠠ ᠶᠢ ᠨᠢ ᠦᠷᠭᠦᠯᠵᠢ ᠠᠷᠴᠢᠵᠦ | ᠱᠤᠸᠠᠰᠠᠳᠠᠨ᠂ ᠪᠠᠭᠠᠰᠤ ᠰᠢᠭᠡᠰᠦ ᠶᠢ ᠨᠢ ᠴᠠᠭ ᠢᠮᠠᠭᠳᠠ ᠠᠷᠢᠯᠭᠠᠵᠦ᠂ ᠰᠠᠷᠠᠪᠴᠢ ᠶᠢᠨ ᠴᠡᠪᠡᠷ ᠪᠠᠶᠢᠬᠤ ᠶᠢ ᠪᠠᠳᠤᠯᠠᠵᠦ᠂ ᠦᠬᠡᠷ ᠤᠨ ᠪᠠᠶ᠎ᠠ ᠶᠢ ᠨᠢ ᠪᠠᠰᠠ | ᠡᠳᠦᠷ ᠪᠦᠷᠢ ᠱᠦᠬᠦᠷᠳᠡᠵᠦ ᠥᠭᠬᠦ ᠬᠡᠷᠡᠭᠲᠠᠢ᠃ | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |