2 ᠰᠠᠷ᠎ᠠ ᠶᠢᠨ 11 ᠤ ᠡᠳᠦᠷ ᠤᠨ ᠦᠳᠡ ᠶᠢᠨ ᠬᠤᠶᠢᠨ᠎ᠠ᠂ ᠴᠠᠭᠠᠨ ᠰᠠᠷ᠎ᠠ ᠶᠢᠨ ᠠᠷᠪᠠᠨ ᠲᠠᠪᠤᠨ ᠤ ᠦᠯᠵᠡᠶᠢᠲᠦ ᠡᠳᠦᠷ ᠤᠨ ᠪᠠᠶᠠᠷ ᠢ ᠪᠡᠯᠭᠡᠯᠡᠬᠦ | ᠶᠠᠩᠭᠠᠷ ᠪᠦᠵᠢᠭ ᠤᠨ ᠲᠣᠭᠯᠠᠯᠲᠠ ᠦᠤᠰᠢᠨ ᠬᠤᠰᠢᠭᠤᠨ ᠤ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠥᠪ ᠲᠤ ᠶᠠᠪᠤᠭᠳᠠᠯ᠎ᠠ᠃ | ᠲᠣᠭᠯᠠᠯᠲᠠ ᠨᠢ ᠮᠣᠷᠢᠨ ᠬᠤᠭᠤᠷ ᠪᠣᠯᠤᠨ ᠪᠦᠵᠢᠭ ᠤᠨ ᠲᠤᠭᠯᠠᠯᠲᠠ ᠪᠠᠷ ᠬᠥᠰᠢᠭᠡ ᠪᠠᠨ ᠰᠡᠬᠦᠯ᠎ᠡ᠃ ᠮᠠᠨ ᠤ ᠬᠤᠰᠢᠭᠤᠨ ᠤ 16 ᠶᠠᠩᠭᠠᠷ ᠪᠥᠵᠢᠭ ᠤᠨ | ᠲᠥᠯᠥᠭᠡᠯᠡᠭᠴᠢᠳ ᠤᠨ ᠠᠩᠭᠢ ᠶᠢᠨ ᠬᠢᠨ ᠲᠠᠶᠢᠰᠠᠨ ᠤ ᠬᠤᠶᠠᠷ ᠲᠠᠯ᠎ᠠ ᠳᠤ ᠮᠥᠷᠯᠡᠨ ᠵᠢᠭᠰᠠᠵᠤ ᠥᠪᠡᠷ ᠥᠪᠡᠷ ᠤᠨ ᠣᠨᠴᠠᠯᠢᠭ ᠲᠠᠢ ᠥᠩᠭᠡ ᠢᠯᠭᠠᠷᠠᠭᠰᠠᠨ | ᠤᠯᠠᠮᠵᠢᠯᠠᠯᠲᠤ ᠬᠤᠪᠴᠠᠰᠤ ᠵᠠᠰᠠᠯ ᠢᠶᠠᠷ ᠢᠶᠠᠨ ᠭᠤᠶᠣᠯᠠᠨ ᠴᠡᠴᠡᠭᠲᠦ ᠰᠢᠬᠦᠷ᠂ ᠳᠡᠪᠢᠭᠦᠷ ᠢᠶᠠᠨ ᠪᠠᠷᠢᠵᠤ ᠬᠡᠩᠭᠡᠷᠭᠡ ᠶᠢᠨ ᠬᠠᠩᠭᠢᠨᠠᠮ᠎ᠠ ᠳᠠᠭᠤᠨ ᠪᠣᠯᠤᠨ ᠬᠦᠷ | ᠬᠦᠭᠵᠢᠶᠡᠨᠲᠦ ᠪᠢᠰᠬᠢᠭᠦᠷ ᠤᠨ ᠠᠶ᠎ᠠ ᠶᠢ ᠳᠠᠭᠠᠯᠳᠤᠨ ᠡᠷᠴᠢ ᠬᠦᠴᠦ ᠲᠠᠢ ᠠᠯᠬᠤᠭ᠎ᠠ᠂ ᠣᠷᠭᠢᠯᠤᠮ᠎ᠠ ᠬᠠᠯᠠᠭᠤᠨ ᠰᠡᠳᠬᠢᠯᠭᠡ ᠪᠠᠷ ᠲᠣᠭᠯᠠᠯᠲᠠ ᠪᠠᠨ ᠡᠬᠢᠯᠡᠭᠦᠯᠦᠯ᠎ᠡ | ᠃ ᠲᠠᠶᠢᠰᠠᠨ ᠤ ᠳᠤᠮᠳᠠᠬᠢ ᠠᠷᠰᠯᠠᠨ ᠤ ᠪᠥᠵᠢᠭ᠂ ᠯᠤᠤ ᠶᠢᠨ ᠪᠥᠵᠢᠭ ᠵᠡᠷᠭᠡ ᠲᠣᠭᠯᠠᠯᠲᠠ ᠨᠢ ᠮᠠᠰᠢ ᠣᠯᠠᠨ ᠰᠠᠭᠤᠭᠠᠯᠢ ᠠᠷᠠᠳ ᠤᠨ ᠰᠣᠨᠢᠷᠬᠠᠯ ᠢ ᠲᠠᠲᠠᠵᠤ | ᠲᠤᠬᠠᠶ ᠶᠢᠨ ᠲᠠᠯᠠᠪᠠᠢ ᠳᠤ ᠪᠠᠶᠠᠷ ᠤᠨ ᠡᠳᠦᠷ ᠤᠨ ᠠᠭᠤᠷ ᠠᠮᠢᠰᠬᠤᠯ ᠢᠶᠠᠷ ᠪᠢᠯᠬᠠᠵᠤ ᠪᠠᠶᠢᠯ᠎ᠠ᠃ | ᠲᠤᠬᠠᠢ ᠶᠢᠨ ᠲᠠᠯᠠᠪᠠᠢ ᠳᠤ᠂ ᠯᠤᠤ ᠶᠢᠨ ᠪᠥᠵᠢᠭ ᠤᠨ ᠲᠤᠭᠯᠠᠭᠴᠢᠳ 15 ᠵᠤᠷᠪᠤᠰ ᠬᠡᠳᠦᠨ ᠠᠷᠪᠠᠨ ᠮᠧᠲᠷ ᠤᠨ ᠤᠷᠳᠤ ᠠᠪᠤᠷᠭᠤ ᠯᠤᠤ ᠶᠢ ᠭᠠᠷ ᠤᠨ | ᠠᠶ᠎ᠠ ᠪᠠᠷ ᠢᠶᠠᠨ ᠰᠦᠯᠵᠢᠯᠳᠦᠭᠦᠯᠦᠨ ᠳᠡᠪᠢᠭᠦᠯᠵᠤ᠂ ᠰᠦᠷ ᠳᠠᠯᠠᠶᠢᠴᠠᠲᠠᠢ ᠲᠤᠭᠯᠠᠵᠤ ᠪᠠᠶᠢᠯ᠎ᠠ᠃ ᠠᠷᠰᠯᠠᠨ ᠤ ᠪᠥᠵᠢᠭ ᠤᠨ ᠲᠤᠭᠯᠠᠭᠴᠢᠳ ᠰᠡᠳᠬᠢᠯ ᠢᠶᠠᠨ | ᠨᠢᠭᠡᠳᠬᠡᠵᠤ ᠬᠦᠴᠦ ᠪᠠᠨ ᠬᠠᠮᠲᠤᠳᠬᠠᠨ ᠠᠷᠰᠯᠠᠨ ᠤ ᠪᠠᠶᠠᠷ ᠪᠠᠭ᠋ᠠᠳᠤᠯ ᠵᠡᠷᠭᠡ ᠣᠯᠠᠨ ᠲᠦᠷᠦᠯ ᠤᠨ ᠲᠦᠷᠢ ᠪᠠᠶᠢᠳᠠᠯ ᠢ ᠤᠯᠠᠨ ᠲᠦᠮᠡᠨ ᠳᠤ ᠭᠠᠶᠢᠬᠠᠭᠤᠯᠤᠬᠰᠠᠨ | ᠪᠠᠶᠢᠨ᠎ᠠ᠃ ᠮᠤᠳᠤᠨ ᠬᠦᠯᠲᠤ ᠶᠠᠩᠭᠠᠷ ᠤᠨ ᠲᠣᠭᠯᠠᠭᠴᠢᠳ ᠰᠣᠷᠭᠤᠭ ᠰᠠᠶᠢᠬᠠᠨ ᠡᠷᠲᠡᠨ ᠤ ᠬᠤᠪᠴᠠᠰᠤ ᠵᠠᠰᠠᠯ ᠢᠶᠠᠷ ᠢᠶᠠᠨ ᠡᠯ᠎ᠡ ᠵᠦᠢᠯ ᠤᠨ ᠳᠣᠮᠤᠭ ᠦᠯᠢᠭᠡᠷ | ᠪᠠ ᠲᠡᠦᠬᠡ ᠶᠢᠨ ᠳᠦᠷᠢ ᠢ ᠢᠯᠡᠷᠡᠭᠦᠯᠵᠤ ᠲᠡᠳᠡᠨ ᠤ ᠭᠤᠶᠢᠳᠠ ᠰᠠᠶᠢᠬᠠᠨ ᠲᠣᠭᠯᠠᠯᠲᠠ ᠨᠢ ᠡᠷᠲᠡᠨ ᠤ ᠶᠠᠩᠭᠠᠷ ᠤᠨ ᠤᠷᠠᠯᠢᠭ ᠲᠤ ᠰᠢᠨ᠎ᠡ ᠠᠮᠢᠵᠢᠷᠠᠯ ᠤᠨ | ᠬᠦᠴᠦᠨ ᠨᠡᠮᠡᠷᠢᠯᠡᠭᠰᠡᠨ ᠪᠠᠶᠢᠨ᠎ᠠ᠃ | ᠲᠣᠰ ᠤᠳᠠᠭᠠᠨ ᠤ ᠠᠵᠢᠯᠯᠠᠭ᠎ᠠ ᠨᠢ ᠤᠯᠠᠮᠵᠢᠯᠠᠯᠲᠤ ᠰᠣᠶᠣᠯ ᠢ ᠤᠯᠠᠮᠵᠢᠯᠠᠨ ᠳᠡᠯᠭᠡᠷᠡᠭᠦᠯᠦᠭᠰᠡᠨ ᠮᠥᠷᠲᠡᠭᠡᠨ ᠣᠯᠠᠨ ᠲᠦᠮᠡᠨ ᠤ ᠰᠣᠶᠣᠯ ᠤᠨ | ᠠᠮᠢᠳᠤᠷᠠᠯ ᠢ ᠪᠠᠶᠠᠯᠢᠭᠵᠢᠭᠤᠯᠤᠨ ᠠᠷᠠᠳ ᠣᠯᠠᠨ ᠤ ᠤᠯᠠᠮᠵᠢᠯᠠᠯᠲᠤ ᠰᠣᠶᠣᠯ ᠢ ᠮᠡᠳᠡᠷᠡᠬᠦ ᠰᠡᠳᠬᠢᠯᠭᠡ ᠪᠠ ᠣᠮᠤᠭ ᠪᠠᠭ᠋ᠠᠳᠤᠯᠲᠤ ᠰᠡᠳᠬᠢᠯᠭᠡ ᠶᠢ ᠤᠯᠠᠮ ᠨᠢᠭᠡ | ᠠᠯᠬᠤᠮ ᠨᠡᠮᠡᠭᠳᠡᠭᠦᠯᠦᠭᠰᠡᠨ ᠪᠠᠶᠢᠨ᠎ᠠ᠃ | | | | | | | | | | ᠰᠣᠷᠪᠤᠯᠵᠢᠯᠠᠭᠴᠢ᠄ ᠠᠯᠤᠰ᠂ ᠬᠠᠨ ᠱᠢ ᠬᠤᠢ᠂ ᠴᠧᠨ ᠸᠧᠢ |