ᠲᠤᠭ ᠪᠠᠯᠭᠠᠰᠤ
ᠨᠡᠶᠢᠲᠡᠯᠡᠭᠰᠡᠨ ᠴᠠᠭ᠄
2025/2/21
      ᠲᠤᠭ ᠪᠠᠯᠭᠠᠰᠤ ᠨᠢ ᠣᠷᠳᠣᠰ ᠬᠤᠲᠠ ᠶᠢᠨ ᠪᠠᠷᠠᠭᠤᠨ ᠡᠮᠦᠨᠡᠲᠦ ᠬᠡᠰᠡᠭ᠂ ᠮᠤᠤᠠᠤᠰᠤ ᠶᠢᠨ ᠡᠯᠡᠰᠦᠷᠬᠡᠭ ᠭᠠᠵᠠᠷ ᠤᠨ  ᠡᠯᠢᠭᠡᠨ ᠳᠤ ᠪᠠᠶᠢᠷᠢᠯᠠᠵᠤ᠂ ᠡᠵᠡᠨ ᠬᠤᠷᠤᠭ᠎ᠠ ᠬᠤᠰᠢᠭᠤ᠂ ᠱᠠᠨᠰᠢ ᠮᠤᠵᠢ ᠶᠢᠨ ᠲᠡᠮᠡᠭᠡᠲᠦ ᠬᠤᠲᠠ ᠲᠠᠢ ᠬᠥᠷᠰᠢᠯᠡᠵᠦ᠂ ᠶᠡᠷᠦᠩᠬᠡᠶ ᠲᠠᠯᠠᠪᠠᠶ ᠨᠢ 1614 ᠲᠡᠭᠰᠢ ᠳᠥᠷᠪᠡᠯᠵᠢᠨ ᠺᠢᠯᠣᠮᠧᠲᠷ᠂ ᠤᠷᠭᠤᠮᠠᠯ ᠤᠨ ᠬᠤᠴᠢᠯᠭ᠎ᠠ ᠶᠢᠨ ᠪᠦᠷᠬᠦᠴᠡ ᠶᠢᠨ ᠨᠣᠷᠮ᠎ᠠ ᠨᠢ 86%᠂ ᠣᠶ ᠰᠢᠭᠤᠶ ᠶᠢᠨ ᠪᠦᠷᠬᠦᠴᠡ ᠶᠢᠨ ᠨᠣᠷᠮ᠎ᠠ ᠨᠢ 34% ᠪᠤᠢ᠃ ᠳᠤᠤᠷ᠎ᠠ ᠪᠠᠨ 10 ᠭᠠᠴᠠᠭ᠎ᠠ ᠲᠤᠰᠬᠤᠨ᠂ 3 ᠨᠡᠶᠢᠬᠡᠮ ᠲᠤᠭᠤᠷᠢᠭ ᠲᠠᠢ ᠪᠠᠶᠢᠵᠤ᠂ ᠪᠦᠬᠦ ᠪᠠᠯᠭᠠᠰᠤᠨ ᠳᠤ 5.2 ᠲᠦᠮᠡᠨ ᠬᠦᠮᠦᠨ ᠠᠮᠠ ᠲᠠᠢ᠃ ᠬᠥᠬᠡᠬᠤᠲᠠ ᠪᠤᠭᠤᠲᠤ ᠣᠷᠳᠣᠰ ᠲᠡᠮᠡᠭᠡᠲᠦ ᠬᠤᠲᠠ ᠶᠢᠨ ᠰᠦᠷᠦᠭᠵᠢᠯ ᠪᠠ ᠥᠪᠥᠷ ᠮᠣᠩᠭᠤᠯ ᠱᠠᠨᠰᠢ ᠨᠢᠩᠰᠢᠶᠠ ᠶᠢᠨ ᠡᠨᠧᠷᠭᠢ ᠶᠢᠨ ᠠᠯᠲᠠᠨ ᠭᠤᠷᠪᠠᠯᠵᠢᠨ ᠤ ᠭᠤᠤᠯᠳᠠᠯᠭᠠᠲᠤ ᠣᠷᠣᠨ ᠪᠦᠰᠡ ᠳᠤ ᠪᠠᠶᠢᠷᠢᠯᠠᠵᠤ᠂ ᠬᠢᠯᠢ ᠳᠣᠲᠣᠷᠠᠬᠢ ᠵᠠᠰᠠᠮᠠᠯ ᠵᠠᠮ ᠲᠡᠮᠦᠷ ᠵᠠᠮ ᠰᠦᠯᠵᠢᠯᠳᠦᠵᠦ᠂ ᠨᠢᠭᠡᠨᠲᠡ ᠠᠩᠬ᠎ᠠ ᠠᠯᠬᠤᠮ ᠤᠨ ︽ᠨᠢᠭᠡ ᠴᠠᠭ ᠤᠨ ᠵᠠᠮ ᠬᠠᠷᠢᠯᠴᠠᠭᠠᠨ ᠤ ᠴᠠᠭᠠᠷᠢᠭ︾ ᠢ ᠪᠣᠶ ᠪᠣᠯᠭᠠᠪᠠ᠃      ᠲᠤᠭ ᠭᠡᠳᠡᠭ ᠨᠢ ᠮᠤᠩᠭᠤᠯ ᠦᠭᠡ ᠪᠠᠶᠢᠵᠤ ᠲᠤᠭ ᠲᠡᠮᠳᠡᠭ ᠭᠡᠬᠦ ᠤᠳᠬ᠎ᠠ ᠲᠠᠢ᠃ ᠬᠢᠯᠢ ᠶᠢᠨ ᠳᠣᠲᠣᠷᠠᠬᠢ ᠡᠬᠢ ᠪᠠᠶᠠᠯᠢᠭ ᠡᠯᠪᠡᠭ ᠳᠡᠯᠪᠡᠭ ᠪᠠᠶᠢᠵᠤ᠂ ᠣᠷᠳᠣᠰ ᠬᠤᠲᠠ ᠶᠢᠨ ᠭᠤᠣᠯ ᠬᠤᠲᠠ ᠲᠣᠭᠤᠷᠢᠭ ᠤᠨ ᠤᠤᠭᠤᠬᠤ ᠤᠰᠤᠨ ᠤ ᠭᠤᠣᠯ ᠤᠰᠤᠨ ᠰᠤᠷᠪᠤᠯᠵᠢ ᠶᠢᠨ ᠤᠷᠤᠨ ᠪᠤᠯᠤᠨ᠎ᠠ᠂ ᠪᠦᠬᠦ ᠤᠯᠤᠰ ᠤᠨ ᠬᠠᠳᠠᠭᠠᠯᠠᠬᠤ ᠲᠠᠯᠠᠪᠠᠢ ᠪᠠᠷ ᠬᠠᠮᠤᠭ ᠤᠨ ᠶᠡᠭᠡ ᠪᠠᠯᠠᠷ ᠡᠷᠲᠡᠨ ᠤ ᠡᠯᠡᠰᠦᠨ ᠴᠦᠯ ᠤᠨ ᠤᠷᠭᠤᠮᠠᠯ ᠪᠤᠯᠬᠤ ᠠᠷᠴᠠᠨ ᠭᠠᠵᠠᠷ 14 ᠲᠦᠮᠡᠨ ᠮᠦ ᠪᠠᠶᠢᠵᠤ᠂ ᠥᠪᠡᠷᠲᠡᠭᠡᠨ ᠵᠠᠰᠠᠬᠤ ᠣᠷᠣᠨ ᠤ ᠪᠠᠷᠠᠭᠤᠨ ᠤᠷᠤᠨ ᠤ ᠬᠠᠮᠤᠭ ᠪᠦᠷᠢᠨ ᠪᠦᠲᠦᠨ ᠬᠠᠳᠠᠭᠠᠯᠠᠵᠤ ᠪᠠᠶᠢᠭ᠎ᠠ ᠨᠤᠭᠤ ᠶᠢᠨ ᠲᠠᠯ᠎ᠠ ᠨᠤᠲᠤᠭ ᠪᠤᠯᠤᠨ᠎ᠠ᠂ ᠪᠠᠶᠢᠭᠠᠯᠢ  ᠶᠢᠨ ᠰᠢᠲᠠᠮᠠᠬᠠᠢ ᠬᠡᠢ ᠶᠢᠨ ᠬᠠᠳᠠᠭᠠᠯᠠᠭᠳᠠᠴᠠ ᠨᠢ 3000 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠪᠠᠶᠢᠵᠤ᠂ ︽ᠭᠤᠷᠪᠠᠨ ᠳᠣᠣᠷ᠎ᠠ ᠨᠢᠭᠡ ᠥᠨᠳᠥᠷ︾ ᠴᠢᠨᠠᠷ ᠰᠠᠶᠢᠲᠠᠢ ᠨᠡᠭᠦᠷᠡᠰᠦᠨ ᠤ ᠬᠠᠳᠠᠭᠠᠯᠠᠭᠳᠠᠴᠠ ᠨᠢ 300 ᠳ᠋ᠦᠩᠰᠢᠭᠤᠷ ᠲᠤᠨ ᠪᠤᠢ᠃ ᠬᠢᠯᠢ ᠶᠢᠨ ᠳᠣᠲᠣᠷ᠎ᠠ  ᠵᠦᠩ ᠮᠧᠢ ᠪᠦᠯᠦᠭᠯᠡᠯ᠂ ᠳᠤᠮᠳᠠᠳᠤ ᠤᠯᠤᠰ ᠤᠨ ᠴᠢᠯᠠᠭᠤᠨ ᠲᠣᠰᠣ ᠬᠢᠮᠢ ᠶᠢᠨ ᠠᠵᠤ ᠦᠢᠯᠡᠳᠪᠦᠷᠢ᠂ ᠵᠥᠩ ᠲᠢᠶᠠᠨ ᠾᠧ ᠴᠤᠸᠠᠩ ᠡᠨᠧᠷᠬᠢ ᠶᠢᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ᠂ ᠪᠦᠦ ᠹᠧᠩ ᠪᠦᠯᠦᠭᠯᠡᠯ ᠵᠡᠷᠭᠡ 20 ᠭᠠᠷᠤᠶ ᠲᠣᠮᠣ ᠬᠡᠯᠪᠡᠷᠢ ᠶᠢᠨ ᠠᠵᠤ ᠠᠬᠤᠶᠢᠯᠠᠯ ᠪᠠᠶᠢᠵᠤ᠂ ᠪᠠᠯᠠ ᠣᠷᠣᠭᠤᠯᠤᠯᠲᠠ ᠶᠢᠨ ᠶᠡᠷᠦᠩᠬᠡᠶ ᠬᠡᠮᠵᠢᠶ᠎ᠡ ᠨᠢ 1800 ᠳ᠋ᠦᠩᠰᠢᠭᠤᠷ ᠲᠥᠭᠦᠷᠢᠭ ᠲᠤ ᠬᠦᠷᠴᠦ᠂ ᠣᠷᠳᠣᠰ ᠤᠨ ᠣᠲᠣ ᠦᠶ᠎ᠡ ᠶᠢᠨ ᠨᠡᠭᠦᠷᠡᠰᠦ ᠬᠢᠮᠢ ᠶᠢᠨ ᠠᠵᠤ ᠦᠢᠯᠡᠳᠪᠦᠷᠢ ᠶᠢᠨ ᠠᠵᠤ ᠦᠢᠯᠡᠰ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠤᠨ ᠭᠤᠤᠯ ᠣᠷᠣᠨ ᠢ ᠪᠠᠶᠢᠭᠤᠯᠵᠤ᠂ ᠶᠡᠷᠦᠩᠬᠡᠶᠢᠯᠡᠭᠰᠡᠨ ᠪᠣᠳᠠᠲᠤ ᠬᠦᠴᠦᠨ ᠨᠢ ᠳᠤᠮᠳᠠᠳᠤ ᠤᠯᠤᠰ ᠤᠨ ᠪᠠᠷᠠᠭᠤᠨ ᠣᠷᠣᠨ ᠤ ᠵᠠᠭᠤᠨ ᠬᠦᠴᠦᠷᠬᠡᠭ ᠪᠠᠯᠭᠠᠰᠤ ᠶᠢᠨ 19 ᠳ᠋ᠤᠭᠡᠷ ᠲᠤ ᠵᠢᠭᠰᠠᠭᠠᠭᠳᠠᠪᠠ᠃
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ