︽ᠮᠢᠩᠭᠠᠨ ᠡᠷᠳᠡᠮᠲᠡᠢ ᠮᠠᠯᠴᠢᠨ ᠵᠠᠯᠠᠭᠤ︾ ᠤᠶᠠᠩᠭ᠎ᠠ
ᠨᠡᠶᠢᠲᠡᠯᠡᠭᠰᠡᠨ ᠴᠠᠭ᠄
2025/3/20
      ᠭᠠᠯᠠᠭᠤᠲᠤ ᠪᠠᠯᠭᠠᠰᠤᠨ ᠤ ᠬᠦᠬᠡᠲᠤᠯᠤᠭᠠᠢ ᠭᠠᠴᠠᠭᠠᠨ ᠤ ᠮᠠᠯᠴᠢᠨ ᠤᠶᠠᠩᠭ᠎ᠠ ᠤᠷᠠᠨ ᠭᠠᠷ᠂ ᠤᠬᠠᠭᠠᠨ ᠲᠦᠰᠦᠪᠯᠡᠯ ᠢᠶᠠᠷ ᠬᠥᠳᠡᠭᠡ ᠳᠣᠰᠬᠤᠨ ᠮᠠᠯᠵᠢᠬᠤ ᠣᠷᠣᠨ ᠳᠠᠭᠠᠨ ᠦᠢᠯᠡᠴᠢᠯᠡᠵᠤ ᠬᠠᠪᠤᠷ ᠤᠨ ᠶᠠᠭᠠᠷᠠᠯᠲᠠᠢ ᠴᠠᠭ ᠲᠤ ᠮᠠᠯᠴᠢᠳ ᠤᠨ ᠦᠢᠯᠡᠳᠪᠦᠷᠢᠯᠡᠯ ᠠᠮᠢᠲᠤᠷᠠᠯ ᠲᠤᠮᠲᠡᠬᠢ ᠬᠦᠴᠢᠷ ᠲᠦᠪᠡᠭ ᠲᠠᠢ ᠠᠵᠢᠯ ᠢ ᠰᠶᠢᠳᠪᠦᠷᠢᠯᠡᠵᠤ ᠨᠤᠲᠤᠭ ᠤᠨ ᠤᠯᠠᠨ ᠤ ᠬᠦᠷᠢᠶᠡᠯᠡᠯ ᠢ ᠤᠯᠤᠭᠰᠠᠨ ᠪᠠᠶᠢᠨ᠎ᠠ ᠃      ᠬᠦᠬᠡᠲᠤᠯᠤᠭᠠᠢ ᠭᠠᠴᠠᠭᠠᠨ ᠤ ᠮᠠᠯᠴᠢᠨ ᠬᠠᠰᠴᠢᠮᠡᠭ ᠤᠨ ᠬᠢᠨ 100 ᠭᠠᠷᠤᠢ ᠦᠭᠡᠷ ᠲᠠᠢ᠂ ᠦᠩᠭᠡᠷᠡᠭᠰᠡᠨ ᠳᠤ ᠦᠭᠡᠷ ᠮᠠᠯ ᠢᠶᠠᠨ ᠲᠡᠵᠢᠭᠡᠬᠦ ᠳᠤ ᠬᠦᠮᠦᠨ ᠤ ᠬᠦᠴᠦ ᠪᠠᠷ ᠭᠤᠤᠯᠯᠠᠵᠤ ᠡᠪᠦᠯ ᠬᠠᠪᠤᠷ ᠤᠨ ᠴᠠᠭ ᠳᠤ ᠮᠠᠰᠢ ᠶᠠᠭᠠᠷᠠᠯᠲᠠᠢ ᠠᠵᠢᠯᠯᠠᠳᠠᠭ᠃ ᠲᠦᠷᠦᠭᠦᠬᠡᠨ ᠡᠲᠡᠨᠡᠶᠢᠬᠢᠨ ᠤᠶᠠᠩᠭ᠎ᠠ ᠶᠢᠨ ᠰᠢᠨᠡᠴᠢᠯᠡᠨ ᠦᠭᠡᠷᠡᠴᠢᠯᠡᠭᠰᠡᠨ ᠬᠤᠲᠤᠭᠤᠷ ᠮᠠᠰᠢᠨ ᠢ ᠬᠡᠷᠡᠭᠯᠡᠭᠰᠡᠨ ᠠᠴᠠ ᠨᠠᠰᠢ ᠬᠦᠮᠦᠨ ᠤ ᠬᠦᠴᠦ ᠶᠢ ᠶᠡᠭᠡ ᠪᠠᠷ ᠠᠷᠪᠢᠯᠠᠵᠤ ᠦᠢᠯᠡᠳᠪᠦᠷᠢᠯᠡᠯ ᠠᠮᠢᠲᠤᠷᠠᠯ ᠳᠤ ᠮᠠᠰᠢ ᠲᠦᠬᠦᠮ ᠢ ᠠᠪᠴᠢᠷᠠᠭᠰᠠᠨ ᠪᠠᠶᠢᠨ᠎ᠠ᠃      ᠬᠠᠰᠴᠢᠮᠡᠭ᠄ ︽ᠤᠤᠯ ᠨᠢ ᠦᠭᠡᠷ ᠲᠡᠵᠢᠭᠡᠬᠦ ᠳᠤ ᠰᠠᠭᠤᠯᠠᠭ᠎ᠠ ᠰᠠᠪᠠ ᠪᠠᠷ ᠵᠦᠬᠡᠬᠡᠬᠦ ᠪᠤᠶᠤ ᠮᠤᠲ᠋ᠤᠷ ᠲᠡᠷᠭᠡ ᠪᠠᠷ ᠵᠦᠭᠡᠭᠡᠲᠡᠭ ᠪᠠᠶᠢᠭᠰᠠᠨ᠂ ᠤᠶᠠᠩᠭ᠎ᠠ ᠶᠢᠨ ᠡᠨᠡᠬᠦ ᠰᠢᠨᠡᠴᠢᠯᠡᠨ ᠦᠭᠡᠷᠡᠴᠢᠯᠡᠭᠰᠡᠨ ᠬᠤᠲᠤᠭᠤᠷ ᠮᠠᠰᠢᠨ ᠨᠢ ᠰᠢᠭᠤᠳ ᠨᠤᠭᠤᠭᠠᠨ ᠪᠤᠷᠲᠤᠭᠠᠨ ᠬᠦᠮᠦᠷᠭᠡ ᠠᠴᠠ ᠠᠪᠤᠭᠠᠳ ᠨᠠᠶᠢᠷᠠᠭᠤᠯᠤᠭᠠᠳ ᠦᠭᠡᠷ ᠢᠶᠠᠨ ᠲᠡᠵᠢᠭᠡᠴᠢᠬᠡᠨ᠎ᠡ᠂ ᠡᠨᠡ ᠨᠢ ᠪᠢᠲᠠᠨᠤᠰ ᠲᠤ ᠮᠠᠰᠢ ᠲᠦᠬᠦᠮ ᠢ ᠠᠪᠴᠢᠷᠠᠯ᠎ᠠ︾ ᠬᠡᠪᠡ᠃      ᠤᠶᠠᠩᠭ᠎ᠠ ᠬᠠᠷᠠᠬᠠᠨ ᠪᠠᠭ᠎ᠠ ᠠᠴᠠ ᠪᠠᠨ ᠭᠠᠷ ᠤᠷᠠᠯᠠᠯ ᠳᠤ ᠲᠤᠷᠠᠲᠠᠢ ᠪᠠᠶᠢᠵᠤ᠂ ᠬᠤᠵᠢᠮ ᠨᠢ ᠭᠠᠷ ᠤᠷᠠᠯᠠᠯ ᠤᠨ ᠮᠡᠷᠭᠡᠵᠢᠯ ᠢ ᠰᠠᠶᠢᠲᠤᠷ ᠡᠵᠡᠮᠰᠢᠭᠡᠳ ᠮᠠᠯᠴᠢᠳ ᠤᠨ ᠡᠲᠦᠷ ᠲᠤᠲᠤᠮ ᠤᠨ ᠠᠮᠢᠲᠤᠷᠠᠯ ᠲᠤᠮᠲᠠ ᠲᠤᠯᠭᠠᠷᠠᠵᠤ ᠪᠠᠶᠢᠭ᠎ᠠ ᠠᠰᠠᠭᠤᠲᠠᠯ ᠢ ᠲᠠᠩᠲᠠ ᠪᠠᠨ ᠰᠢᠢᠳᠪᠦᠷᠢᠯᠡᠵᠤ ᠶᠠᠪᠤᠲᠠᠭ ᠪᠤᠯᠬᠤᠷ ᠨᠤᠲᠤᠭ ᠤᠨ ᠬᠦᠮᠦᠰ ᠲᠡᠬᠦᠨ ᠢ ︽ᠮᠢᠩᠭᠠᠨ ᠡᠷᠲᠡᠮᠲᠡᠢ ᠮᠠᠯᠴᠢᠨ ᠵᠠᠯᠠᠭᠤ︾ ᠬᠡᠮᠡᠨ ᠲᠠᠭᠤᠲᠠᠬᠤ ᠪᠤᠯᠵᠠᠢ᠃ ᠤᠲᠤ ᠴᠤ ᠭᠡᠰᠡᠨ ᠲᠡᠷᠡ ᠦᠪᠡᠷ ᠤᠨ ᠤᠷ᠎ᠠ ᠮᠡᠷᠭᠡᠵᠢᠯ ᠢᠶᠠᠨ ᠳᠡᠭᠡᠭᠰᠢᠯᠡᠭᠦᠯᠵᠦ ᠲᠠᠶᠢᠰᠠᠨ ᠤ ᠴᠢᠮᠡᠭᠯᠡᠯ᠂ ᠴᠠᠮ ᠤᠨ ᠪᠠᠭ᠂ ᠰᠠᠩ ᠤᠨ ᠰᠦᠷᠦ ᠵᠡᠷᠭᠡ ᠣᠯᠠᠨ ᠲᠥᠷᠥᠯ ᠤᠨ ᠭᠠᠷ ᠤᠷᠠᠯᠠᠯ ᠤᠨ ᠵᠦᠢᠯᠡᠰ ᠢ ᠬᠢᠵᠦ ᠭᠠᠷᠭᠠᠨ ᠲᠡᠭᠦᠨ ᠤ ᠪᠦᠲᠦᠭᠡᠯ ᠨᠢ ᠥᠪᠥᠷ ᠮᠤᠩᠭᠤᠯ ᠤᠨ ᠡᠯ᠎ᠡ ᠠᠶᠢᠮᠠᠭ ᠬᠤᠲᠠ ᠴᠢᠨᠠᠭᠰᠢᠯᠠᠨ ᠰᠢᠨᠵᠢᠶᠠᠩ᠂ ᠭᠥᠬᠡᠨᠠᠭᠤᠷ ᠮᠤᠵᠢ ᠵᠡᠷᠭᠡ ᠮᠤᠵᠢ ᠬᠤᠲᠠ ᠠᠯᠤᠰᠯᠠᠨ ᠵᠠᠬᠢᠶᠠᠯᠠᠭᠳᠠᠵᠤ ᠨᠡᠶᠢᠬᠡᠮ ᠤᠨ ᠬᠦᠭᠵᠢᠯᠲᠡ ᠲᠠᠢ ᠵᠡᠷᠭᠡᠴᠡᠨ ᠤᠷᠤᠭᠰᠢᠯᠠᠵᠤ ᠪᠠᠶᠢᠨ᠎ᠠ᠃        ᠮᠠᠯᠴᠢᠨ ᠤᠶᠠᠩᠭ᠎ᠠ᠄ ︽ᠪᠢ ᠪᠠᠭ᠎ᠠ ᠠᠴᠠ ᠪᠠᠨ ᠭᠠᠷ ᠤᠷᠠᠯᠠᠯ ᠳᠤ ᠲᠤᠷᠠᠲᠠᠢ᠂ ᠢᠩᠭᠢᠭᠡᠳ ᠤᠲᠤ ᠭᠡᠰᠡᠨ ᠡᠨᠡᠬᠦ ᠲᠤᠷᠠᠲᠠᠢ ᠮᠡᠷᠭᠡᠵᠢᠯ ᠢᠶᠠᠨ ᠤᠯᠠᠮ ᠲᠡᠭᠡᠭᠰᠢᠯᠡᠭᠦᠯᠬᠦ ᠶᠢᠨ ᠲᠦᠯᠦᠭᠡ ᠴᠠᠭ ᠦᠷᠭᠦᠯᠵᠢ ᠰᠤᠷᠤᠯᠴᠠᠲᠠᠭ᠃ ᠲᠦᠷᠦᠭᠦᠬᠡᠨ ᠭᠠᠲᠠᠷ ᠮᠤᠵᠢ ᠳᠤ ᠬᠦᠷᠴᠦ ᠲᠠᠪᠠᠷᠠᠬᠠᠢ ᠪᠠᠷ ᠭᠠᠷ ᠤᠷᠠᠯᠠᠯ ᠬᠢᠬᠦ ᠶᠢ ᠰᠤᠷᠤᠭᠰᠠᠨ᠂ 2022 ᠤᠨ ᠠᠴᠠ ᠴᠠᠮ ᠤᠨ ᠪᠠᠭ ᠬᠢᠬᠦ ᠶᠢ ᠰᠤᠷᠤᠯ᠎ᠠ᠂ ᠮᠦᠨ ᠴᠤ ᠡᠬᠦᠨ ᠲᠠᠢ ᠤᠶᠠᠯᠲᠤᠭᠤᠯᠤᠭᠳ ᠰᠢᠨ᠎ᠡ ᠮᠠᠶ᠋ᠢᠭ ᠤᠨ ᠤᠷᠠᠯᠠᠯ ᠬᠢᠵᠦ ᠡᠬᠢᠯᠡᠭᠰᠡᠨ᠂ 2023 ᠤᠨ ᠳᠤ ᠲᠡᠮᠤᠷ ᠬᠠᠶᠢᠯᠠᠭᠤᠯᠬᠤ ᠮᠡᠷᠭᠡᠵᠢᠯ ᠢ ᠰᠤᠷᠤᠭᠠᠳ ᠬᠠᠷᠢᠵᠤ ᠢᠷᠡᠭᠰᠡᠨ ᠤ ᠲᠠᠷᠠᠭ᠎ᠠ ᠮᠠᠯᠴᠢᠳ ᠤᠨ ᠡᠲᠦᠷ ᠲᠤᠲᠤᠮ ᠤᠨ ᠬᠡᠷᠡᠭᠯᠡᠭᠡᠨ ᠤ ᠵᠦᠢᠯ᠂ ᠰᠠᠩ ᠤᠨ ᠰᠦᠷᠦ᠂ ᠲᠠᠶᠢᠰᠠᠨ ᠤ ᠤᠷᠠᠯᠠᠯ ᠴᠢᠮᠡᠭᠯᠡᠯ ᠵᠡᠷᠭᠡ ᠦᠵᠡᠭᠦᠯᠭᠡ ᠤᠨ ᠪᠤᠲᠠᠰ ᠢ ᠬᠢᠵᠤ ᠡᠬᠢᠯᠡᠭᠰᠡᠨ᠃ ᠡᠬᠦᠨ ᠤ ᠲᠠᠭᠠᠤ ᠳᠤ ᠤᠷᠠᠯᠠᠯ ᠳᠤ ᠪᠠᠨ ᠰᠢᠨᠡᠷᠭᠦᠤ ᠮᠡᠷᠭᠡᠵᠢᠯ  ᠪᠤᠯᠬᠤ ᠯᠠᠶᠢᠰᠠᠷ ᠭᠡᠷᠡᠯ ᠢᠶᠠᠷ ᠤᠷᠠᠯᠠᠬᠤ ᠮᠡᠷᠭᠡᠵᠢᠯ ᠢᠶᠠᠷ ᠬᠦᠮᠦᠰ ᠤᠨ ᠬᠡᠷᠡᠭᠴᠡᠭᠡ ᠱᠠᠭᠠᠷᠲᠠᠯᠭ᠎ᠠ ᠳᠤ ᠵᠤᠬᠢᠴᠠᠭᠤᠯᠤᠭᠰᠠᠨ︾ ᠬᠡᠪᠡ᠃      ︽ᠲᠦᠮᠡᠨ ᠠᠯᠬᠤᠮ ᠤᠨ ᠲᠦᠷᠦᠭᠦᠤ ᠠᠯᠬᠤᠮ ᠬᠦᠴᠢᠷ︾ ᠭᠡᠲᠡᠭᠴᠢᠯᠡᠨ ᠤᠶᠠᠩᠭ᠎ᠠ ᠠᠩᠬ᠎ᠠ ᠡᠨᠡᠬᠦ ᠠᠵᠢᠯ ᠢᠶᠠᠨ ᠡᠬᠢᠯᠡᠬᠦᠯᠬᠦ ᠳᠤ ᠮᠠᠰᠢ ᠤᠯᠠᠨ ᠲᠦᠪᠡᠭ ᠲᠠᠢ ᠠᠰᠠᠭᠤᠲᠠᠯ  ᠲᠤᠬᠢᠶᠠᠯᠲᠤᠵᠤ ᠪᠠᠶᠢᠵᠠᠢ᠃ ᠡᠶᠢᠮᠤᠷᠬᠦᠤ ᠪᠠᠶᠢᠲᠠᠯ ᠳᠤ ᠤᠶᠠᠩᠭ᠎ᠠ ᠰᠢᠷᠭᠠᠭᠤ ᠬᠦᠲᠡᠯᠮᠦᠷᠢ ᠤᠷᠠᠨ ᠤᠬᠠᠭᠠᠨ ᠢᠶᠠᠷ ᠢᠶᠠᠨ ᠬᠦᠴᠢᠷᠳᠡᠯ ᠢ ᠢᠯᠠᠨ ᠲᠠᠪᠠᠵᠤ ᠢᠷᠡᠭᠡᠲᠤᠢ ᠶᠢᠨ ᠵᠠᠮ ᠢᠶᠠᠨ ᠵᠤᠷᠢᠭᠲᠠᠢ ᠡᠷᠢᠯᠬᠢᠯᠡᠵᠤ ᠦᠪᠡᠷ ᠤᠨ ᠢᠶᠠᠨ ᠤᠷ᠎ᠠ ᠮᠡᠷᠭᠡᠵᠢᠯ ᠢᠶᠠᠷ ᠢᠶᠠᠨ ᠤᠯᠠᠨ ᠳᠤ ᠲᠠᠭᠠᠰᠢᠶᠠᠭᠲᠠᠵᠤ ᠶᠠᠪᠤᠨ᠎ᠠ᠃                                   ᠰᠤᠷᠪᠤᠯᠵᠢᠯᠠᠭᠴᠢ᠄ ᠬᠠᠰᠪᠤᠶᠠᠨᠲᠤ  ᠪᠠᠶᠠᠠᠳᠠᠯᠠᠢ
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ