ᠮᠠᠨ ᠤ ᠬᠤᠰᠢᠭᠤᠨ ᠤ ᠮᠤᠳᠦ ᠲᠠᠷᠢᠵᠤ ᠣᠶᠢᠵᠢᠭᠤᠯᠬᠤ ᠠᠵᠢᠯᠯᠠᠭ᠎ᠠ ᠡᠷᠴᠢᠮ ᠲᠠᠢ ᠶᠠᠪᠤᠭᠳᠠᠵᠤ ᠪᠠᠶᠢᠨ᠎ᠠ
ᠨᠡᠶᠢᠲᠡᠯᠡᠭᠰᠡᠨ ᠴᠠᠭ᠄
2025/4/15
      ᠣᠶᠢᠷ᠎ᠠ ᠶᠢᠨ ᠡᠳᠦᠷ᠂ ᠮᠠᠨ ᠤ ᠬᠤᠰᠢᠭᠤ ᠪᠦᠬᠦ ᠬᠤᠰᠢᠭᠤᠨ ᠤ ᠡᠯ᠎ᠡ ᠱᠠᠲᠤᠨ ᠤ ᠨᠠᠮ ᠤᠨ ᠭᠡᠰᠢᠭᠦᠨ ᠺᠠᠳ᠋ᠷᠴᠤᠳ᠂ ᠠᠵᠤ ᠠᠬᠤᠶᠢᠯᠠᠯ ᠤᠨ ᠠᠵᠢᠯᠲᠠᠨ ᠠᠵᠢᠯᠴᠢᠨ ᠪᠣᠯᠣᠨ ᠮᠠᠯᠴᠢᠨ ᠲᠠᠷᠢᠶᠠᠴᠢᠳ ᠢ ᠵᠣᠬᠢᠶᠠᠨ ᠪᠠᠶᠢᠭᠤᠯᠵᠤ ᠮᠣᠳᠣ ᠲᠠᠷᠢᠵᠤ ᠣᠶᠢᠵᠢᠭᠤᠯᠬᠤ ᠠᠵᠢᠯᠯᠠᠭᠠᠨ ᠳᠤ ᠣᠷᠣᠯᠴᠠᠭᠤᠯᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠳᠠᠶᠢᠯᠠᠯᠳᠤᠭᠠᠨ ᠢ ᠥᠷᠨᠢᠭᠦᠯᠵᠦ᠂  ᠪᠦᠬᠦ ᠬᠤᠰᠢᠭᠤ ᠪᠠᠷ ᠢᠶᠠᠨ ︽ᠮᠣᠩᠭᠤᠯ ᠮᠣᠷᠢᠨ ᠤ ᠵᠣᠷᠢᠭ ᠰᠠᠨᠠᠭ᠎ᠠ︾᠂ ︽ᠤᠮᠠᠷᠠᠲᠤ ᠶᠢᠨ ᠭᠤᠷᠪᠠᠨ ᠣᠷᠣᠨ ᠤ ᠵᠣᠷᠢᠭ ᠰᠠᠨᠠᠭ᠎ᠠ︾ ᠪᠠᠷ ᠠᠷᠠᠳ ᠣᠯᠠᠨ ᠢᠶᠠᠨ ᠳᠠᠶᠢᠴᠢᠯᠠᠨ ᠠᠮᠢ ᠠᠬᠤᠢ ᠶᠢᠨ ᠪᠣᠯᠪᠠᠰᠤᠨ ᠤ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠵᠤ ᠪᠠᠶᠢᠨ᠎ᠠ᠃       ᠲᠤᠭ ᠪᠠᠯᠭᠠᠰᠤᠨ ᠤ ᠠᠯᠪᠠᠨ ᠵᠢᠷᠤᠮ ᠤᠨ ᠮᠣᠳᠣ ᠲᠠᠷᠢᠵᠤ ᠣᠶᠢᠵᠢᠭᠤᠯᠬᠤ ᠭᠠᠵᠠᠷ ᠲᠤ᠂  300 ᠭᠠᠷᠤᠢ ᠺᠠᠳ᠋ᠷ ᠠᠵᠢᠯᠲᠠᠨ ᠪᠣᠯᠣᠨ ᠠᠵᠤ ᠠᠬᠤᠶᠢᠯᠠᠯ ᠤᠨ ᠠᠵᠢᠯᠳᠠᠳ ᠰᠠᠯᠬᠢ ᠰᠢᠭᠤᠷᠭᠠᠨ ᠤ ᠳᠤᠮᠳᠠ ᠰᠤᠶᠤᠭ᠎ᠠ ᠮᠣᠳᠣ ᠶᠢ ᠵᠦᠭᠡᠭᠡᠪᠦᠷᠢᠯᠡᠬᠦ᠂ ᠰᠢᠷᠣᠢ ᠨᠡᠮᠡᠨ ᠬᠠᠰᠢᠯᠭ᠎ᠠ ᠬᠦᠷᠢᠶᠡᠯᠡᠬᠦ᠂ ᠰᠤᠶᠤᠭ᠎ᠠ ᠰᠠᠭᠤᠯᠭᠠᠵᠤ ᠪᠤᠯᠠᠬᠤ᠂ ᠤᠰᠤᠯᠠᠬᠤ ᠵᠡᠷᠭᠡ ᠠᠵᠢᠯ ᠢᠶᠠᠨ ᠬᠤᠪᠢᠶᠠᠷᠢᠯᠠᠭᠠᠳ ᠬᠠᠮᠲᠤᠷᠠᠯᠴᠠᠨ ᠠᠵᠢᠯᠯᠠᠵᠠᠭᠠᠵᠤ ᠪᠠᠶᠢᠯ᠎ᠠ᠃      3 ᠰᠠᠷ᠎ᠠ ᠶᠢᠨ 12 ᠤᠨ ᠡᠳᠦᠷ ᠮᠤᠳᠤ ᠲᠠᠷᠢᠬᠤ ᠠᠵᠢᠯᠯᠠᠭ᠎ᠠ ᠶᠢ ᠡᠬᠢᠯᠡᠭᠦᠯᠦᠭᠰᠡᠨ ᠠᠴᠠ ᠨᠠᠰᠢ᠂ ᠮᠠᠨ ᠤ ᠬᠤᠰᠢᠭᠤ ᠨᠢᠭᠡᠨᠲᠡ ᠪᠥᠬᠦ ᠬᠤᠰᠢᠭᠤᠨ ᠤ 411 ᠨᠠᠮ ᠤᠨ ᠵᠣᠬᠢᠶᠠᠨ ᠪᠠᠶᠢᠭᠤᠯᠤᠯᠲᠠ᠂ ᠲᠦᠮᠡ ᠭᠠᠷᠤᠢ ᠨᠠᠮ ᠤᠨ ᠭᠡᠰᠢᠭᠦᠨ ᠺᠠᠳ᠋ᠷ ᠠᠵᠢᠯᠲᠠᠨ ᠢ ᠵᠣᠬᠢᠶᠠᠨ ᠪᠠᠶᠢᠭᠤᠯᠵᠤ ᠣᠶᠢᠵᠢᠭᠤᠯᠤᠯᠲᠠ ᠨᠤᠭᠤᠭᠠᠷᠠᠭᠤᠯᠤᠯᠲᠠ ᠶᠢᠨ ᠠᠵᠢᠯ ᠢᠶᠠᠨ ᠦᠷᠭᠦᠯᠵᠢᠯᠡᠬᠦᠶᠢᠴᠡ ᠦᠷᠨᠢᠭᠦᠯᠦᠭᠰᠡᠭᠡᠷ ᠢᠷᠡᠪᠡ᠃ ᠦᠦᠰᠢᠨᠵᠤᠤ ᠪᠠᠯᠭᠠᠰᠤᠨ ᠤ ᠪᠦᠷᠢᠳᠦ ᠭᠠᠴᠠᠭ᠎ᠠ ᠶᠢᠨ ᠠᠯᠪᠠᠨ ᠵᠢᠷᠤᠮ ᠤᠨ ᠣᠶᠢᠵᠢᠭᠤᠯᠤᠯᠲᠠ ᠶᠢᠨ ᠭᠠᠵᠠᠷ ᠲᠤ᠂ ᠤᠢ ᠰᠢᠭᠤᠢ ᠪᠠ ᠨᠤᠲᠤᠭ ᠪᠡᠯᠴᠢᠭᠡᠷ ᠤᠨ ᠳᠣᠪᠴᠢᠶ᠎ᠠ ᠶᠢᠨ ᠳᠡᠭᠡᠳᠦ ᠵᠡᠷᠭᠡ ᠶᠢᠨ ᠢᠨᠵᠧᠨᠧᠷ ᠰᠣᠶᠣᠯᠪᠠᠶᠠᠷ ᠶᠠᠭ ᠣᠶᠢᠵᠢᠭᠤᠯᠤᠯᠲᠠ ᠬᠢᠵᠤ ᠪᠠᠶᠢᠭ᠎ᠠ ᠺᠠᠳ᠋ᠷ ᠠᠵᠢᠯᠲᠠᠳ ᠲᠤ ᠮᠡᠷᠭᠡᠵᠢᠯ ᠤᠨ ᠵᠢᠯᠣᠭᠤᠳᠤᠯᠭ᠎ᠠ ᠬᠢᠵᠦ᠂ ᠮᠣᠳᠣ ᠲᠠᠷᠢᠬᠤ ᠵᠠᠢ᠂ ᠲᠠᠷᠢᠬᠤ ᠭᠦᠨ ᠤ ᠬᠡᠮᠵᠢᠶ᠎ᠡ ᠶᠢ ᠵᠢᠭᠠᠨ ᠵᠢᠯᠣᠭᠤᠳᠴᠦ ᠪᠠᠶᠢᠯ᠎ᠠ᠃      ᠰᠣᠶᠣᠯᠪᠠᠶᠠᠷ ᠬᠡᠯᠡᠬᠦ ᠳᠤ ᠪᠠᠨ᠄ ︽ᠣᠷᠴᠢᠮ ᠤᠨ ᠡᠳᠦᠷ ᠤᠢ ᠰᠢᠭᠤᠢ ᠪᠠ ᠨᠣᠲᠤᠭ ᠪᠡᠯᠴᠢᠭᠡᠷ ᠤᠨ ᠳᠣᠪᠴᠢᠶ᠎ᠠ ᠪᠦᠭᠦ ᠬᠤᠰᠢᠭᠤᠨ ᠳᠤ 20 ᠭᠠᠷᠤᠢ ᠮᠡᠷᠭᠡᠵᠢᠯ ᠤᠨ ᠵᠢᠭᠠᠨ ᠵᠢᠯᠤᠭᠤᠳᠬᠤ ᠠᠩᠭᠢ ᠲᠣᠮᠢᠯᠠᠵᠤ ︿ᠭᠠᠵᠠᠷ ᠣᠷᠣᠨ ᠪᠦᠬᠦᠨ ᠢ ᠳᠠᠭᠠᠭᠠᠴᠢᠯᠠᠬᠤ﹀ ᠬᠠᠷᠢᠭᠤᠴᠠᠯᠭ᠎ᠠ ᠶᠢᠨ ᠳᠦᠷᠢᠮ ᠢ ᠬᠡᠷᠡᠭᠵᠢᠭᠦᠯᠦᠨ ᠰᠢᠨᠵᠢᠯᠡᠬᠦ ᠤᠬᠠᠭᠠᠨᠴᠢ ᠪᠠᠷ ᠡᠯᠡᠰᠦ ᠶᠢ ᠵᠠᠰᠠᠬᠤ ᠶᠢ ᠪᠠᠳᠣᠯᠠᠵᠣ ᠪᠠᠶᠢᠨ᠎ᠠ︾ ᠭᠡᠪᠡ ᠃       ᠰᠣᠶᠣᠯᠪᠠᠶᠠᠷ ᠠᠷᠪᠠ ᠭᠠᠷᠤᠢ ᠰᠠᠯᠠᠭ᠎ᠠ ᠮᠥᠴᠢᠷ ᠤᠨ ᠮᠣᠳᠣ ᠳᠠᠷᠢᠬᠤ ᠲᠤᠬᠠᠢ ᠶᠢᠨ ᠲᠠᠯᠠᠪᠤᠷ ᠲᠤ ᠬᠦᠷᠴᠦ ᠮᠤᠳᠤ ᠲᠠᠷᠢᠬᠤ ᠭᠠᠵᠠᠷ ᠢ ᠨᠢ ᠬᠤᠪᠢᠶᠠᠷᠢᠯᠠᠬᠤ᠂ ᠬᠥᠮᠥᠨ ᠢ ᠲᠣᠬᠢᠷᠠᠭᠤᠯᠬᠤ ᠪᠠ ᠰᠣᠶᠤᠭ᠎ᠠ ᠮᠣᠳᠣ ᠶᠢ ᠬᠤᠪᠢᠶᠠᠨ ᠦᠭᠴᠦ᠂ ᠡᠳᠦᠷ ᠪᠦᠷᠢ ᠡᠯᠡᠰᠦᠨ ᠴᠦᠯ ᠳᠤ 3 ᠲᠦᠮᠡᠨ ᠠᠯᠬᠤᠮ ᠠᠯᠬᠤᠵᠤ᠂ ᠪᠠᠶᠢᠭᠤᠯᠭ᠎ᠠ ᠶᠢᠨ ᠢᠶᠠᠨ ︽ᠶᠠᠪᠠᠭᠠᠨ ᠠᠯᠬᠤᠬᠤ ᠲᠡᠷᠢᠭᠦᠨ ᠤ ᠬᠦᠮᠦᠨ︾ ᠪᠣᠯᠤᠭᠰᠠᠨ ᠪᠠᠶᠢᠨ᠎ᠠ᠃       ᠰᠣᠶᠣᠯᠪᠠᠶᠠᠷ ᠶᠠᠷᠢᠬᠤ ᠳᠤ ᠪᠠᠨ᠄ ︽  ᠪᠢ ᠲᠡᠳᠡᠨ ᠳᠤ ᠮᠣᠳᠣ ᠲᠠᠷᠢᠬᠤ ᠨᠠᠷᠢᠨ ᠮᠡᠷᠭᠡᠵᠢᠯ ᠢ ᠲᠣᠳᠣᠷᠬᠠᠢ ᠬᠡᠯᠡᠵᠦ ᠦᠭᠳᠡᠭ᠃ ᠡᠶᠢᠮᠦ ᠣᠯᠠᠨ ᠬᠦᠮᠦᠨ ᠡᠯᠡᠰᠣ ᠮᠠᠩᠬ᠎ᠠ ᠶᠢ ᠵᠠᠰᠠᠵᠣ ᠪᠠᠶᠢᠬᠤ ᠳᠤ ᠪᠢᠳᠠ ᠡᠷᠬᠡᠪᠰᠢ ᠮᠡᠷᠭᠡᠵᠢᠯ ᠤᠨ ᠲᠠᠯ᠎ᠠ ᠶᠢᠨ ᠵᠢᠯᠣᠭᠤᠳᠣᠯᠭ᠎ᠠ ᠪᠠ ᠰᠤᠶᠤᠭ᠎ᠠ ᠮᠣᠳᠣᠨ ᠤ ᠬᠠᠩᠭᠠᠯᠭ᠎ᠠ ᠵᠡᠷᠭᠡ ᠦᠢᠯᠡᠴᠢᠯᠡᠭᠡ ᠪᠠᠨ ᠰᠠᠶᠢᠲᠤᠷ ᠬᠢᠬᠦ ᠴᠢᠬᠤᠯᠠᠲᠠᠢ︾ ᠭᠡᠪᠡ᠃       ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠳᠤ᠂ ᠮᠠᠨ ᠤ ᠬᠤᠰᠢᠭᠤᠨ ᠤ ᠡᠯᠡᠰᠦᠷᠬᠡᠭᠵᠢᠭᠰᠡᠨ ᠭᠠᠵᠠᠷ ᠰᠢᠷᠣᠢ ᠶᠢᠨ ᠲᠠᠯᠠᠪᠠᠶ 90% ᠠᠴᠠ ᠳᠡᠭᠡᠭᠰᠢ ᠪᠠᠶᠢᠪᠠ᠃ 70 ᠭᠠᠷᠤᠢ ᠵᠢᠯ ᠤᠨ ᠲᠤᠷᠰᠢ᠂ ᠬᠤᠰᠢᠭᠤ ᠵᠠᠰᠠᠭ ᠤᠨ ᠣᠷᠳᠣᠨ ᠤ ᠴᠥᠬᠦᠷᠡᠰᠢ ᠦᠭᠡᠢ ᠴᠢᠷᠮᠠᠶᠢᠯᠭ᠎ᠠ ᠪᠠᠷ ᠲᠠᠮᠵᠢᠨ ︽ᠡᠯᠡᠰᠦ ᠤᠷᠤᠭᠰᠢᠯᠠᠵᠤ ᠬᠥᠮᠥᠨ ᠤᠬᠤᠷᠢᠬᠤ︾ ︽ᠨᠣᠭᠤᠭᠠᠨ ᠨᠡᠮᠡᠭᠳᠡᠵᠦ ᠡᠯᠡᠰᠦ ᠤᠬᠤᠷᠢᠬᠤ︾ ᠪᠠ ︽ᠬᠦᠮᠦᠨ ᠨᠣᠲᠤᠭ ᠢ ᠬᠠᠮᠲᠤ ᠳᠤᠨᠢ ᠬᠥᠭᠵᠢᠭᠦᠯᠬᠦ︾ ᠭᠤᠷᠪᠠᠨ ᠱᠠᠲᠤᠨ ᠤ ᠵᠠᠰᠠᠯᠲᠠ ᠶᠢ ᠦᠩᠭᠡᠷᠡᠭᠦᠯᠦᠭᠰᠡᠨ ᠪᠠᠶᠢᠨ᠎ᠠ᠃ ᠪᠥᠬᠦ ᠬᠤᠰᠢᠭᠤᠨ ᠤ ᠣᠶ ᠰᠢᠭᠤᠢ ᠶᠢᠨ ᠪᠦᠷᠬᠦᠴᠡ ᠪᠠ ᠤᠷᠭᠤᠮᠠᠯ ᠤᠨ ᠬᠤᠴᠢᠯᠭ᠎ᠠ ᠶᠢᠨ ᠪᠦᠷᠬᠦᠴᠡ ᠨᠢ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠶᠢᠨ 2.6% ᠪᠠ 18% ᠪᠠᠶᠢᠭᠰᠠᠨ ᠠᠴᠠ ᠪᠠᠨ ᠣᠲᠣ ᠶᠢᠨ 32.92% ᠪᠠ 80% ᠪᠣᠯᠣᠨ ᠨᠡᠮᠡᠭᠳᠡᠵᠦ᠂ ᠠᠮᠢ ᠠᠬᠤᠢ ᠶᠢᠨ ᠪᠠᠶᠢᠳᠠᠯ ᠨᠢ ᠣᠶᠢᠷ᠎ᠠ ᠶᠢᠨ ᠵᠠᠭᠤᠨ ᠵᠢᠯ ᠤᠨ ᠲᠤᠷᠰᠢᠬᠢ ᠬᠠᠮᠤᠭ ᠤᠨ ᠰᠠᠶᠢᠨ ᠲᠦᠪᠰᠢᠨ ᠳᠤ ᠭᠦᠷᠦᠭᠰᠡᠨ ᠪᠠᠶᠢᠨ᠎ᠠ᠃ ᠬᠤᠰᠢᠭᠤ ᠤᠢ ᠰᠢᠭᠤᠢ ᠪᠠ ᠨᠤᠲᠤᠭ ᠪᠡᠯᠴᠢᠭᠡᠷ ᠤᠨ ᠺᠠᠳ᠋ᠷᠴᠣᠳ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠠᠴᠠ ᠡᠬᠢᠯᠡᠨ ᠨᠡᠯᠦᠭᠡᠷ ᠶᠡᠭᠡ ᠡᠯᠡᠰᠦᠨ ᠳᠤ ᠣᠶᠢᠵᠢᠭᠤᠯᠤᠯᠲᠠ ᠶᠢᠨ ᠳᠠᠶᠢᠯᠠᠯᠳᠤᠭᠠᠨ ᠥᠷᠨᠢᠭᠦᠯᠵᠦ ᠦᠦᠰᠢᠨ ᠬᠤᠰᠢᠭᠤᠨ ᠤ ᠦᠶ᠎ᠡ ᠦᠶ᠎ᠡ ᠶᠢᠨ ᠤᠯᠠᠨ ᠲᠦᠮᠡᠨ ᠢ ᠪᠦᠯᠬᠦᠮᠳᠡᠭᠦᠯᠦᠨ ᠳᠠᠶᠢᠴᠢᠯᠠᠵᠤ ︽ ᠨᠣᠮᠢᠨ ᠲᠠᠩᠰᠤᠭ ᠦᠦᠰᠢᠨ︾ ᠤ ᠡᠯᠡᠰᠦ ᠶᠢ ᠵᠠᠰᠠᠬᠤ ᠬᠠᠮᠲᠦ ᠶᠢᠨ ᠴᠣᠭᠴᠠ ᠶᠢ ᠪᠦᠷᠢᠯᠳᠦᠭᠦᠯᠦᠭᠰᠡᠨ ᠪᠠᠶᠢᠨ᠎ᠠ᠃ 2024 ᠣᠨ ᠳᠤ᠂ ᠦᠦᠰᠢᠨ ᠬᠤᠰᠢᠭᠤᠨ ᠤ ᠨᠣᠭᠤᠭᠠᠷᠠᠭᠤᠯᠤᠯᠲᠠ ᠶᠢᠨ ᠵᠥᠪᠯᠡᠯ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠪᠦᠬᠦ ᠤᠯᠤᠰ ᠤᠨ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ ᠵᠢᠱᠢᠶᠡᠴᠢ ᠬᠠᠮᠲᠤ ᠨᠡᠶᠢᠲᠡ ᠪᠠᠷ ᠬᠥᠬᠢᠭᠦᠯᠦᠭᠳᠡᠭᠰᠡᠨ ᠪᠠᠶᠢᠨ᠎ᠠ᠃      ᠬᠤᠶᠢᠰᠢᠳᠠ ᠮᠠᠨ ᠤ ᠬᠤᠰᠢᠭᠤ ᠨᠡᠩ ᠡᠷᠡᠰ ᠪᠠᠲᠤ ᠡᠷᠴᠢ ᠵᠣᠷᠢᠭ ᠪᠠ ᠨᠡᠩ ᠬᠦᠴᠦᠲᠡᠢ ᠠᠷᠭ᠎ᠠ ᠬᠡᠮᠵᠢᠶ᠎ᠡ ᠪᠠᠷ ᠮᠤᠤᠠᠤᠰᠤ ᠶᠢᠨ ᠡᠯᠡᠰᠦᠷᠬᠡᠭ ᠭᠠᠵᠠᠷ ᠢ ᠵᠠᠰᠠᠬᠤ ᠳᠠᠶᠢᠯᠠᠯᠳᠤᠭᠠᠨ ᠢ ᠦᠷᠭᠦᠯᠵᠢᠯᠡᠨ ᠠᠬᠢᠭᠤᠯᠵᠤ᠂ 2025 ᠣᠨ ᠳᠤ ︽ᠤᠮᠠᠷᠠᠲᠤ ᠶᠢᠨ ᠭᠤᠷᠪᠠᠨ ᠣᠷᠣᠨ︾ ᠤ ᠢᠨᠵᠧᠨᠧᠷᠢᠩ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠡᠭᠦᠷᠭᠡ ᠶᠢ 363 ᠲᠦᠮᠡᠨ ᠮᠦ ᠪᠡᠶᠡᠯᠡᠭᠦᠯᠬᠦ ᠪᠠᠷ ᠲᠥᠯᠥᠪᠯᠡᠵᠦ ᠬᠡᠪᠴᠢᠶᠡᠵᠢᠭᠦᠯᠦᠨ ᠰᠡᠷᠭᠡᠶᠢᠯᠡᠨ ᠵᠠᠰᠠᠬᠤ ᠠᠴᠠ ᠨᠠᠷᠢᠯᠢᠭ ᠣᠨᠣᠴᠠᠲᠠᠢ ᠵᠠᠰᠠᠬᠤ ᠳᠠᠰᠢ ᠬᠤᠪᠢᠷᠠᠭᠤᠯᠬᠤ ᠶᠢ ᠪᠡᠶᠡᠯᠡᠭᠦᠯᠦᠨ ᠲᠤᠭ᠎ᠠ ᠬᠡᠮᠵᠢᠶ᠎ᠡ ᠶᠢ  ᠬᠥᠭᠡᠭᠡᠴᠡᠯᠳᠦᠵᠦ ᠪᠠᠶᠢᠭᠰᠠᠨ ᠠᠴᠠ ᠶᠠᠰᠤ ᠴᠢᠨᠠᠷ ᠤᠨ ᠬᠡᠯᠪᠡᠷᠢ ᠶᠢᠨ ᠣᠶᠢᠵᠢᠭᠤᠯᠤᠯᠲᠠ ᠶᠢ ᠴᠢᠬᠤᠯᠠᠴᠢᠯᠠᠬᠤ ᠳᠠᠰᠢ ᠴᠢᠷᠮᠠᠶᠢᠵᠤ ᠠᠮᠢ ᠠᠬᠤᠢ ᠣᠷᠴᠢᠨ ᠲᠣᠭᠤᠷᠢᠨ ᠤ ᠨᠤᠭᠤᠭᠠᠷᠠᠭᠤᠯᠤᠯᠲᠠ ᠠᠴᠠ ᠡᠬᠢᠯᠡᠨ ᠬᠠᠮᠲᠣ ᠪᠠᠷ ᠪᠠᠶᠠᠵᠢᠬᠤ ᠬᠠᠷᠠᠯᠲᠠ ᠵᠦᠭ ᠠᠯᠬᠤᠮ ᠠᠯᠬᠤᠮ ᠢᠶᠠᠷ ᠤᠷᠤᠭᠰᠢᠯᠠᠬᠤ ᠶᠢ ᠲᠦᠯᠬᠢᠨ ᠠᠬᠢᠭᠤᠯᠬᠤ ᠪᠠᠷ ᠪᠠᠶᠢᠨ᠎ᠠ᠃                         ᠰᠤᠷᠪᠤᠯᠵᠢᠯᠠᠭᠴᠢ᠄ ᠲᠠᠨ᠎ᠠ᠂ ᠸᠠᠩ ᠴᠢ᠂ ᠢᠦᠢ ᠵᠢᠶᠧ ᠮᠧᠩ᠂ ᠴᠢᠦᠢ ᠴᠧᠨ 
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ