ᠤᠶᠢᠷ᠎ᠠ ᠶᠢᠨ ᠡᠳᠦᠷ᠂ ᠦᠦᠰᠢᠨ ᠬᠤᠰᠢᠭᠤᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠨᠤᠮ ᠤᠩᠰᠢᠬᠤ ᠡᠳᠦᠷ ᠤᠨ ᠰᠢᠷᠢᠰ ᠠᠵᠢᠯᠯᠠᠭ᠎ᠠ | ᠥᠷᠨᠢᠭᠦᠯᠵᠦ ᠳᠡᠯᠡᠬᠡᠢ ᠶᠢᠨ ᠨᠤᠮ ᠤᠩᠰᠢᠬᠤ ᠡᠳᠦᠷ ᠢᠶᠠᠨ ᠤᠳᠬ᠎ᠠ ᠲᠡᠭᠦᠯᠳᠡᠷ ᠲᠡᠮᠲᠡᠭᠯᠡᠯ᠎ᠡ᠃ | ᠠᠵᠢᠯᠯᠠᠭ᠎ᠠ ᠳᠤ᠂ ᠦᠦᠰᠢᠨ ᠬᠤᠰᠢᠭᠤᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠪᠦᠬᠦ ᠪᠠᠭᠰᠢ ᠰᠤᠷᠤᠭᠴᠢ ᠤᠷᠤᠯᠴᠠᠵᠤ᠂ ᠰᠤᠷᠭᠠᠭᠤᠯᠢ ᠶᠢᠨ | ᠬᠦᠷᠢᠶᠡᠨ ᠤ ᠨᠤᠮ ᠤᠨ ᠰᠤᠯᠢᠯᠴᠠᠭᠠᠨ ᠤ ᠵᠠᠬ᠎ᠠ ᠳᠡᠯᠭᠡᠭᠦᠷ᠂ ᠦᠨᠳᠦᠰᠦᠲᠡᠨ ᠤ ᠵᠠᠩ ᠦᠢᠯᠡ ᠶᠢᠨ ᠬᠢᠴᠢᠶᠡᠯᠯᠡᠭᠡ ᠵᠡᠷᠭᠡ ᠶᠢ ᠡᠷᠬᠢᠯᠡᠭᠰᠡᠨ ᠤ ᠬᠠᠮᠲᠤ ᠦᠦᠰᠢᠨ | ᠬᠤᠰᠢᠭᠤᠨ ᠤ ᠨᠠᠮ ᠤᠨ ᠰᠤᠷᠭᠠᠭᠤᠯᠢ ᠶᠢᠨ ᠪᠠᠭᠰᠢ ᠠᠴᠠ ︽ᠬᠡᠦᠬᠡᠳ ᠢᠶᠠᠷ ᠢᠶᠠᠨ ᠪᠠᠭ᠋ᠠᠷᠬᠠᠶ᠎ᠠ︾ ᠭᠡᠬᠦ ᠭᠤᠤᠯ ᠰᠡᠳᠤᠪ ᠤᠨ ᠲᠤᠭᠤᠷᠢᠨ ᠳᠤ ᠪᠠᠭᠰᠢ | ᠰᠤᠷᠤᠭᠴᠢᠳ ᠪᠣᠯᠣᠨ ᠭᠡᠷ ᠤᠨ ᠠᠬᠠᠮᠠᠳ ᠬᠠᠮᠲᠤᠷᠠᠭᠰᠠᠨ ᠭᠡᠷ ᠪᠦᠯᠢ ᠶᠢᠨ ᠰᠤᠷᠭᠠᠨ ᠬᠦᠮᠦᠵᠢᠯ ᠤᠨ ᠬᠢᠴᠢᠶᠡᠯᠯᠡᠭᠡ ᠬᠢᠵᠤ᠂ ᠪᠦᠭᠦᠳᠡᠭᠡᠷ ᠢᠶᠠᠨ ᠨᠤᠮ ᠲᠠᠢ | ᠬᠠᠨᠢᠯᠠᠨ ᠨᠤᠮ ᠤᠩᠰᠢᠬᠤ ᠰᠠᠶᠢᠬᠠᠨ ᠳᠠᠳᠬᠠᠯ ᠲᠠᠢ ᠪᠤᠯᠬᠤ ᠶᠢ ᠤᠷᠢᠶᠠᠯᠠᠨ ᠳᠠᠶᠢᠴᠢᠯᠠᠭᠰᠠᠨ ᠪᠠᠶᠢᠨ᠎ᠠ᠃ | ᠠᠵᠢᠯᠯᠠᠭ᠎ᠠ ᠪᠠᠷ᠂ ᠪᠠᠭᠰᠢ ᠰᠤᠷᠤᠭᠴᠢ ᠭᠡᠷ ᠤᠨ ᠠᠬᠠᠮᠠᠳ ᠪᠦᠭᠦᠳᠡᠭᠡᠷ ᠢᠶᠠᠨ ᠡᠳᠦᠷ ᠪᠤᠯᠭᠠᠨ ᠨᠣᠮ ᠲᠠᠢ ᠨᠦᠬᠦᠷᠯᠡᠨ᠂ ᠨᠣᠮ ᠤᠨ ᠠᠷᠢᠭᠤᠨ ᠰᠢᠮ᠎ᠡ ᠶᠢ | ᠬᠦᠷᠲᠡᠬᠦ ᠶᠢ ᠰᠠᠨᠠᠭᠠᠴᠢᠯᠠᠭᠰᠠᠨ ᠪᠦᠭᠡᠳ ᠰᠤᠷᠭᠠᠭᠤᠯᠢ ᠶᠢᠨ ᠬᠦᠷᠢᠶᠡᠨ ᠤ ᠨᠤᠮ ᠤᠨ ᠰᠤᠯᠢᠯᠴᠠᠭᠠᠨ ᠤ ᠵᠠᠬ᠎ᠠ ᠳᠡᠯᠭᠡᠭᠦᠷ ᠨᠢ ᠪᠠᠭᠰᠢ ᠰᠤᠷᠤᠭᠴᠢᠳ ᠤᠨ ᠰᠤᠯᠠ | ᠬᠠᠳᠠᠭᠠᠯᠠᠵᠤ ᠪᠠᠶᠢᠭ᠎ᠠ ᠨᠤᠮ ᠢ ᠳᠠᠬᠢᠨ ᠠᠮᠢᠯᠠᠭᠤᠯᠵᠤ᠂ ᠰᠤᠷᠤᠭᠴᠢᠳ ᠳᠤᠷ᠎ᠠ ᠲᠠᠢ ᠨᠣᠮ ᠢᠶᠠᠨ ᠰᠤᠩᠭᠤᠨ ᠪᠠᠭ᠋ᠠᠲᠠᠢ ᠤᠩᠰᠢᠯᠭ᠎ᠠ ᠬᠢᠵᠦ᠂ ᠨᠣᠮ ᠪᠢᠴᠢᠭ ᠤᠨ | ᠠᠰᠢᠭᠯᠠᠮᠵᠢ ᠶᠢ ᠳᠡᠭᠡᠭᠰᠢᠯᠡᠭᠦᠯᠦᠨ ᠨᠤᠮ ᠤᠨ ᠰᠢᠮ᠎ᠡ ᠶᠢ ᠬᠠᠮᠲᠤ ᠪᠠᠷ ᠬᠤᠪᠢᠶᠠᠯᠴᠠᠨ ᠡᠳ᠋ᠯᠡᠵᠦ ᠨᠤᠮ ᠤᠩᠰᠢᠬᠤ ᠢᠳᠡᠪᠬᠢᠵᠢᠯ ᠢ ᠳᠠᠶᠢᠴᠢᠯᠠᠵᠤ ᠴᠢᠳᠠᠭᠰᠠᠨ | ᠪᠠᠶᠢᠨ᠎ᠠ᠃ | | | | | | | | | | | | ᠰᠤᠷᠪᠤᠯᠵᠢᠯᠠᠭᠴᠢ᠄ ᠷᠢᠸᠠᠳᠢ |