ᠦᠨᠳᠤᠰᠤᠨ ᠰᠠᠶᠢᠯᠤᠮᠠᠯ ᠢ ᠭᠤᠴᠢ ᠭᠠᠷᠤᠢ ᠵᠢᠯ ᠬᠢᠵᠦ ᠶᠠᠪᠤᠭ᠎ᠠ ᠭᠠᠯᠠᠭᠤᠳᠤ ᠪᠠᠯᠭᠠᠰᠤ ᠶᠢᠨ ᠰᠡᠪᠭᠦᠯ ᠭᠠᠴᠠᠭᠠᠨ ᠳᠤ ᠨᠤᠳᠤᠭᠳᠠᠢ ᠲᠠᠪᠰᠢᠯᠳᠤ | ᠦᠨᠳᠤᠰᠤᠨ ᠰᠠᠶᠢᠯᠤᠮᠠᠯ ᠢᠶᠠᠷ ᠤᠷᠤᠨ ᠨᠣᠳᠤᠭ ᠤᠨ ᠲᠡᠤᠭᠡ ᠰᠤᠶᠤᠯ᠂ ᠵᠡᠩ ᠠᠷᠠᠠᠰᠢᠨ᠂ ᠪᠠᠶᠢᠭᠠᠯᠢ ᠠᠬᠤᠢ ᠶᠢ ᠬᠠᠷᠠᠭᠤᠯᠤᠭᠰᠠᠨ ᠤᠯᠠᠨ ᠰᠠᠶᠢᠬᠠᠨ | ᠪᠦᠳᠤᠭᠡᠯ ᠢ ᠤᠷᠠᠯᠠᠨ ᠪᠦᠳᠤᠭᠡᠵᠦ ᠤᠷᠠᠨ ᠲᠠᠷᠬᠠᠨ ᠤ ᠵᠣᠷᠢᠭ ᠰᠠᠨᠠᠭ᠎ᠠ ᠶᠢ ᠪᠠᠳᠠᠷᠠᠭᠤᠯᠵᠤ ᠪᠠᠶᠢᠨ᠎ᠠ᠃ | ᠰᠤᠷᠪᠤᠯᠵᠢᠯᠠᠭᠴᠢ ᠲᠠᠷᠬᠠᠨ ᠭᠠᠷ ᠤᠷᠠᠯᠠᠯ ᠤᠨ ᠤᠶᠢᠯᠡᠳᠪᠤᠷᠢ ᠤᠨ ᠭᠠᠵᠠᠷ ᠲᠤ ᠬᠦᠷᠭᠦ ᠳᠤ ᠲᠠᠪᠰᠢᠯᠳᠤ ᠰᠠᠶ᠋ᠢᠬᠠᠨ ᠠᠪᠴᠢᠷᠠᠭᠰᠠᠨ ᠦᠡᠳᠤᠰᠤᠨ | ᠰᠠᠶᠢᠯᠤᠮᠠᠯ ᠤᠨ ᠤᠭ ᠮᠡᠲ᠋ᠧᠷᠢᠶᠠᠯ ᠢᠶᠠᠨ ᠰᠢᠨᠵᠢᠵᠦ ᠲᠤᠮᠤ ᠪᠦᠳᠤᠭᠡᠯ ᠬᠢᠭᠦ ᠪᠠᠷ ᠪᠡᠯᠡᠳᠭᠡᠵᠦ ᠪᠠᠶᠢᠯ᠎ᠠ᠃ ᠬᠢᠷᠠᠬᠠᠢ ᠬᠠᠷᠠᠭ᠎ᠠ᠂ ᠪᠦᠳᠦᠭᠡᠯᠴᠢ ᠰᠡᠳᠬᠢᠬᠦᠢ ᠪᠣᠯ | ᠤᠷᠠᠨ ᠲᠠᠷᠬᠠᠨ ᠨᠢᠭᠡᠪᠦᠷᠢ ᠶᠢᠨ ᠡᠭᠦᠳᠦᠨ ᠪᠦᠳᠦᠭᠡᠯᠳᠡ ᠬᠢᠬᠦ ᠠᠮᠢᠨ ᠰᠤᠳᠠᠰᠤ ᠨᠢ ᠪᠠᠶᠢᠵᠤ ᠲᠠᠭᠠᠷᠠᠨ᠎ᠠ᠃ ᠤᠭ ᠮᠠᠲ᠋ᠧᠷᠢᠶᠠᠯ ᠢᠶᠠᠨ ︽ᠭᠤᠷᠪᠠᠨ ᠬᠤᠪᠢ ᠶᠢᠨ | ᠵᠠᠰᠠᠯᠭ᠎ᠠ᠂ ᠳᠣᠯᠣᠭᠠᠨ ᠬᠤᠪᠢ ᠶᠢᠨ ᠪᠠᠶᠢᠭᠠᠯᠢᠯᠢᠭ ᠬᠡᠪ ᠢ ᠦᠯᠡᠳᠡᠭᠡᠬᠦ︾ ᠵᠠᠷᠴᠢᠮ ᠢᠶᠠᠷ ᠤᠷᠠᠯᠠᠨ ᠪᠦᠲᠦᠭᠡᠳᠡᠭ ᠨᠢ ᠲᠠᠪᠰᠢᠯᠳᠣ ᠶᠢᠨ ᠡᠭᠦᠷᠢᠳᠡ ᠶᠢᠨ | ᠪᠠᠷᠢᠮᠳᠠᠯᠠᠯ ᠠᠵᠠᠢ᠃ ᠡᠨᠡᠭᠦ ᠪᠠᠷᠢᠮᠳᠠᠯᠠᠯ ᠢᠶᠠᠷ ᠲᠡᠭᠡᠷ᠎ᠡ ᠵᠠᠭᠤᠨ ᠤ ᠰᠡᠭᠦᠯᠴᠢ ᠶᠢᠨ ᠦᠶ᠎ᠡ ᠪᠠᠷ ᠲᠠᠪᠰᠢᠯᠳᠤ ᠡᠬᠡ ᠶᠢᠨ ᠬᠠᠶᠢᠷ᠎ᠠ ᠶᠢ ᠢᠯᠡᠳᠭᠡᠭᠰᠡᠨ ︽ | ᠰᠡᠡᠵᠢᠳᠮᠠ︾ ᠭᠡᠭᠦ ᠪᠦᠳᠤᠭᠡᠯ ᠢᠶᠠᠷ ᠤᠯᠠᠨ ᠳᠤ ᠠᠯᠳᠠᠷᠰᠢᠭᠰᠠᠨ ᠶᠤᠮ᠃ | ᠲᠠᠪᠰᠢᠯᠳᠤ ᠡᠳᠡᠭᠡᠷ ᠵᠢᠯ ᠤᠨ ᠲᠤᠷᠰᠢ ᠶᠠᠰᠢᠯ ᠤᠨ ᠦᠨᠳᠤᠰᠤ ᠲᠠᠢ ᠬᠤᠪᠢ ᠪᠠᠷᠢᠯᠳᠤᠯᠭ᠎ᠠ ᠪᠠᠨ ᠬᠤᠯᠪᠤᠵᠤ᠂ ᠠᠷᠢᠶᠠᠳᠠᠨ ᠬᠦᠷᠦᠭᠡᠰᠤ᠂ ᠠᠮᠢᠳᠠᠨ | ᠵᠢᠭᠦᠷᠳᠡᠨ ᠪᠤᠯᠤᠨ ᠤᠷᠤᠨ ᠨᠣᠳᠤᠭ ᠤᠨ ᠲᠡᠤᠭᠡ ᠰᠤᠶᠤᠯ᠂ ᠵᠡᠩ ᠠᠷᠠᠰᠢᠨ ᠵᠡᠷᠭᠡ ᠶᠢ ᠬᠠᠷᠠᠭᠤᠯᠤᠭᠰᠠᠨ ᠤᠯᠠᠨ ᠰᠠᠶᠢᠬᠠᠨ ᠰᠠᠶᠢᠯᠤᠮᠠᠯ ᠤᠨ ᠪᠦᠳᠤᠭᠡᠯ ᠢ | ᠤᠷᠠᠯᠠᠨ ᠬᠢᠵᠦ ᠤᠯᠠᠮᠵᠢᠯᠠᠯᠳᠤ ᠭᠠᠷ ᠤᠷᠠᠯᠠᠯ ᠤᠨ ᠭᠠᠶᠢᠬᠠᠮᠰᠢᠭ ᠢ ᠤᠯᠠᠨ ᠳᠤ ᠬᠠᠷᠠᠭᠤᠯᠤᠭᠰᠠᠨ ᠢᠶᠠᠷ ᠪᠠᠷᠠᠬᠤ ᠦᠭᠡᠢ ᠮᠠᠰᠢ ᠠᠷᠪᠢᠨ ᠰᠢᠯᠢᠳᠡᠭ ᠱᠠᠪᠢ ᠨᠡᠷ ᠢ | ᠬᠦᠮᠦᠵᠢᠭᠦᠯᠦᠭᠰᠡᠨ ᠪᠠᠶᠢᠨ᠎ᠠ᠃ | ᠲᠠᠪᠰᠢᠯᠳᠤ ᠤᠷᠠᠨ ᠰᠡᠳᠬᠢᠮᠵᠢ᠂ ᠤᠷᠠᠨ ᠭᠠᠷ᠂ ᠵᠢᠳᠭᠦᠯ ᠴᠢᠷᠮᠠᠶᠢᠯᠭ᠎ᠠ ᠪᠠᠷ ᠢᠶᠠᠨ ᠬᠤᠳᠠ᠂ ᠬᠤᠰᠢᠭᠤ ᠲᠠᠰ ᠤᠨ ᠶᠠᠰᠢᠯ ᠤᠷᠠᠯᠠᠯ ᠤᠨ ᠪᠤᠳᠠᠰ ᠤᠨ | ᠪᠤᠰᠤ ᠰᠣᠶᠤᠯ ᠤᠨ ᠥᠪ ᠤᠨ ᠲᠥᠯᠥᠭᠡᠯᠡᠭᠦ ᠴᠢᠨᠡᠷᠳᠡᠢ ᠦᠪᠯᠡᠨ ᠤᠯᠠᠮᠵᠢᠯᠠᠭᠴᠢ ᠪᠠᠷ ᠦᠨᠡᠯᠡᠭᠳᠡᠵᠦ᠂ ᠤᠷᠢᠳ ᠬᠤᠵᠢᠳ ᠪᠠᠰᠠ ᠰᠡᠶᠢᠯᠤᠮᠠᠯ ᠤᠷᠠᠯᠠᠯ ᠤᠨ | ᠤᠯᠣᠰ ᠤᠨ ᠲᠠᠰ ᠤᠨ ᠲᠠᠷᠬᠠᠨ ᠴᠤᠯᠠ᠂ ᠦᠪᠡᠷᠳᠡᠭᠡᠨ ᠵᠠᠰᠠᠬᠤ ᠤᠷᠤᠨ ᠤ ᠠᠷᠡᠳ ᠤᠨ ᠲᠤᠮᠳᠠᠭᠢ ᠭᠠᠷ ᠤᠷᠠᠯᠠᠯ ᠤᠨ ᠪᠠᠭᠰᠢ᠂ ᠤᠷᠳᠤᠰ ᠬᠤᠳᠠ ᠶᠢᠨ | ᠠᠩᠬᠠᠳᠠᠭᠴᠢ ᠬᠤᠭᠤᠴᠠᠭᠠᠨ ᠤ ᠠᠷᠡᠳ ᠤᠨ ᠲᠤᠮᠳᠠᠭᠢ ᠭᠠᠷ ᠤᠷᠠᠯᠠᠯ ᠤᠨ ᠶᠡᠭᠡ ᠪᠠᠭᠰᠢ᠂ ᠤᠷᠳᠤᠰ ᠬᠤᠳᠠ ᠶᠢᠨ ᠰᠤᠳᠣᠨ ᠤᠷᠠᠯᠢᠭᠴᠢᠨ ᠵᠡᠷᠭᠡ ᠤᠯᠠᠨ | ᠱᠠᠩᠨᠠᠯ ᠭᠦᠬᠢᠭᠦᠯᠦᠯ ᠬᠦᠷᠳᠡᠭᠰᠡᠨ ᠪᠠᠶᠢᠨ᠎ᠠ᠃ | ᠲᠠᠪᠰᠢᠯᠳᠤ ᠤᠯᠠᠮᠵᠢᠯᠠᠯᠳᠤ ᠭᠠᠷ ᠤᠷᠠᠯᠠᠯ ᠢ ᠬᠦᠭᠵᠢᠭᠦᠯᠥᠨ ᠲᠡᠯᠭᠡᠷᠡᠭᠦᠯᠭᠦ ᠶᠢᠨ ᠳᠠᠭᠠᠤ ᠤᠲᠤ ᠴᠠᠭ ᠦᠶ᠎ᠠ ᠶᠢᠨ ᠤᠨᠴᠠᠯᠢᠭ ᠪᠠ ᠬᠦᠮᠦᠰ ᠤᠨ | ᠰᠡᠳᠬᠢᠬᠦᠢ᠂ ᠭᠤᠸ᠎ᠠ ᠰᠠᠶᠢᠬᠠᠨ ᠤ ᠲᠤᠬᠠᠢ ᠦᠵᠡᠯᠲᠠ ᠲᠠᠨᠢᠯᠲᠠ᠂ ᠤᠷᠤᠨ ᠨᠤᠳᠤᠭ ᠤᠨ ᠰᠤᠶᠤᠯ ᠲᠡᠤᠭᠡ ᠶᠢ ᠬᠠᠷᠠᠭᠤᠯᠤᠭᠰᠠᠨ ᠤᠯᠠᠨ ᠰᠠᠶᠢᠬᠠᠨ ᠪᠦᠳᠤᠭᠡᠯ ᠢ | ᠤᠷᠠᠯᠠᠨ ᠬᠢᠵᠦ ᠶᠠᠪᠤᠨ᠎ᠠ᠃ | | ᠰᠤᠷᠪᠤᠯᠵᠢᠯᠠᠭᠴᠢ᠄ ᠪᠤᠶᠠᠨᠳᠤ᠂ ᠲᠠᠸᠠᠩᠨᠤᠷᠪᠤ |