ᠦᠨᠢᠶ᠎ᠡ ᠭᠡᠭᠡᠯ ᠰᠠᠭᠤᠳᠠᠭ ᠦᠬᠡᠢ ᠶᠢᠨ ᠭᠤᠤᠯ ᠰᠢᠯᠳᠠᠭᠠᠨ ᠨᠢ ᠰᠠᠪᠠᠨ ᠤ ᠡᠪᠡᠳᠴᠢᠨ ᠠᠴᠠ ᠪᠣᠯᠳᠠᠭ᠂ ᠦᠨᠢᠶ᠎ᠡ ᠰᠠᠪᠠᠨ ᠤ ᠡᠪᠡᠳᠴᠢᠨ ᠳᠤ | ᠨᠡᠷᠪᠡᠭᠳᠡᠪᠡᠯ ᠦᠷᠡᠵᠢᠵᠦ ᠥᠰᠬᠦ ᠨᠢ ᠬᠠᠷᠰᠢᠯᠠᠭᠳᠠᠵᠦ᠂ ᠮᠠᠯ ᠠᠵᠦ ᠠᠬᠤᠢ ᠶᠢᠨ ᠤᠶᠢᠯᠡᠳᠪᠦᠷᠢᠯᠡᠯ ᠳᠤ ᠬᠦᠨᠳᠦ ᠰᠦᠷᠡᠬᠡᠢ ᠬᠤᠬᠢᠷᠠᠯ ᠣᠴᠠᠷᠠᠭᠤᠯᠳᠠᠭ ᠶᠣᠮ᠃ | ᠦᠨᠢᠶ᠎ᠡ ᠶᠢᠨ ᠰᠠᠪᠠᠨ ᠤ ᠡᠪᠡᠳᠴᠢᠨ ᠢ ᠰᠡᠷᠭᠡᠶᠢᠯᠡᠨ ᠵᠠᠰᠠᠬᠤ ᠳᠤ ᠲᠣᠣᠷᠠᠬᠢ ᠬᠡᠳᠤᠨ ᠵᠤᠶᠢᠯ ᠤᠨ ᠤᠨᠴᠠ ᠵᠤᠷ ᠢ ᠬᠡᠷᠡᠭᠯᠡᠵᠦ ᠪᠤᠯᠤᠨ᠎ᠠ᠃ | ⒈ᠦᠨᠢᠶ᠎ᠡ ᠶᠢᠨ ᠰᠠᠪᠠᠨ ᠤ ᠰᠠᠯᠢᠰᠤᠲᠤ ᠪᠦᠷᠬᠦᠬᠦᠯ ᠥᠷᠪᠢᠰᠦᠯᠲᠡ ᠶᠢ ᠵᠠᠰᠠᠬᠤ ᠵᠤᠷ᠃ 2% ᠤᠨ ᠪᠦᠬᠦᠨ ᠬᠦᠴᠢᠯ ᠤᠨ ᠠᠭᠤᠰᠤᠮᠠᠯ᠂ 0.1 — | 0.25% ᠶᠢᠨ ᠮᠢᠩᠹᠢᠨ᠂ 3% ᠶᠢᠨ ᠤᠰᠤᠳᠦ᠋ᠷᠦᠭᠴᠢ ᠶᠢᠨ ᠬᠡᠳᠦᠷᠢᠮᠡᠯ ᠢᠰᠦᠯ᠂ 5% ᠶᠢᠨ ᠰᠦᠨ ᠬᠦᠴᠢᠯ᠂ 0.05 — 0.1% ᠤᠨ ᠵᠸᠠᠨᠤᠷ᠂ 0. | 01% ᠶᠢᠨ ᠮᠠᠷᠬᠠᠭᠽᠠᠪ᠂ 1 — 2% ᠤᠨ ᠰᠤᠳ᠋᠂ 5 — 10% ᠶᠢᠨ ᠹᠢᠽᠢᠦᠯᠦᠬᠢ ᠶᠢᠨ ᠠᠭᠤᠰᠤᠮᠠᠯ ᠢ ᠨᠠᠶᠢᠷᠠᠭᠤᠯᠤᠨ ᠠᠷᠢᠭᠤᠳᠬᠠᠯ ᠤᠨ ᠡᠮ | ᠪᠣᠯᠭᠠᠨ᠂ ᠨᠢᠭᠡ ᠤᠳᠠᠭ᠎ᠠ 400 ᠮᠢᠯᠢᠯᠢᠲᠷ ᠡᠮ ᠬᠡᠷᠡᠭᠯᠡᠨ ᠰᠠᠪᠠ ᠶᠢ ᠣᠬᠢᠶᠠᠵᠤ᠂ 5 — 6 ᠡᠳᠦᠷ ᠤᠨ ᠲᠠᠷᠠᠭ᠎ᠠ ᠲᠠᠬᠢᠨ ᠣᠬᠢᠶᠠᠵᠦ᠂ ᠰᠠᠪᠠᠨ ᠤ | ᠲᠤᠤᠷᠠᠬᠢ ᠰᠢᠩᠭᠡᠨ ᠵᠣᠶᠢᠯ ᠢ ᠠᠷᠢᠯᠭᠠᠵᠦ᠂ ᠰᠠᠪᠠᠨ ᠤ ᠡᠷᠡᠭᠦᠯ ᠠᠵᠢᠯᠯᠠᠭ᠎ᠠ ᠶᠢ ᠰᠡᠷᠭᠦᠭᠡᠨ᠎ᠡ᠃ | ⒉ᠰᠠᠪᠠᠨ ᠤ ᠬᠦᠵᠦᠭᠦᠪᠴᠢ ᠶᠢᠨ ᠥᠷᠪᠢᠰᠦᠯᠲᠡ ᠶᠢ ᠵᠠᠰᠠᠬᠤ ᠵᠣᠷ᠃ 2% ᠤᠨ ᠰᠤᠳ᠋ ᠤᠨ ᠠᠭᠤᠰᠤᠮᠠᠯ ᠪᠤᠶᠤ 0.1% ᠶᠢᠨ ᠮᠠᠷᠬᠠᠭᠽᠠᠪ ᠤᠨ | ᠬᠢᠮᠢ ᠶᠢᠨ ᠠᠭᠤᠰᠤᠮᠠᠯ ᠢ ᠨᠠᠶᠢᠷᠠᠭᠤᠯᠵᠤ᠂ ᠣᠮᠠᠢ ᠶᠢᠨ ᠬᠦᠨᠳᠡᠢ ᠳᠤ ᠴᠢᠳᠬᠤᠵᠤ᠂ ᠰᠠᠪᠠᠨ ᠤ ᠬᠦᠵᠦᠪᠴᠢ ᠶᠢ ᠵᠠᠶᠢᠯᠠᠵᠦ ᠣᠬᠢᠶᠠᠨ᠎ᠠ᠃ ᠬᠡᠷᠪᠡ ᠬᠤᠷᠴᠠ | ᠴᠢᠨᠠᠷ ᠲᠠᠢ ᠰᠠᠪᠠᠨ ᠤ ᠬᠦᠵᠦᠪᠴᠢ ᠶᠢᠨ ᠥᠷᠪᠢᠰᠦᠯᠲᠡ ᠪᠣᠯ ᠢᠤᠳ᠋ ᠪᠤᠶᠤ 1 — 5% ᠶᠢᠨ ᠢᠤᠳ᠋ ᠲᠠᠢ ᠬᠡᠢᠽᠤᠷᠢᠨ ᠢ ᠲᠦᠷᠬᠢᠵᠦ ᠦᠭᠬᠦᠨ᠎ᠡ᠃ | ⒊ᠰᠠᠪᠠ ᠶᠢᠨ ᠬᠦᠨᠲᠡᠢ ᠶᠢᠨ ᠥᠷᠪᠢᠰᠦᠯᠲᠡ ᠶᠢ ᠵᠠᠰᠠᠬᠤ ᠵᠣᠷ᠄ 5 — 10% ᠶᠢᠨ ᠲᠠᠨᠢᠨ ᠬᠦᠴᠢᠯ ᠪᠠ 0.1% ᠶᠢᠨ ᠮᠢᠷᠬᠠᠭᠽᠠᠪ ᠤᠨ ᠬᠢᠮᠢ ᠶᠢ | 500 — 1000 ᠮᠢᠯᠢᠯᠢᠲᠷ ᠢᠶᠠᠷ ᠨᠠᠶᠢᠷᠠᠭᠤᠯᠵᠤ᠂ ᠳᠠᠷᠠᠭ᠎ᠠ ᠨᠢ ᠰᠦᠯᠹᠠᠮᠤᠨ ᠤ ᠲᠦᠷᠬᠢᠴᠡ᠂ ᠫᠧᠨᠢᠽᠠᠯᠯᠢᠨ ᠤ ᠲᠦᠷᠬᠢᠴᠡ ᠶᠢ ᠲᠦᠷᠬᠢᠵᠦ ᠥᠭᠬᠦ ᠪᠤᠶᠤ | 5% ᠶᠢᠨ ᠰᠠᠷᠢᠮᠰᠠᠭ ᠤᠨ ᠰᠢᠬᠦᠰᠦ ᠶᠢ ᠰᠠᠪᠠ ᠶᠢᠨ ᠬᠦᠨᠲᠡᠢ ᠳᠤ ᠴᠢᠳᠬᠤᠨ ᠥᠭᠴᠦ᠂ ᠬᠡᠷᠪᠡ ᠬᠤᠷᠴᠠ ᠴᠢᠨᠠᠷ ᠲᠠᠢ ᠰᠠᠪᠠ ᠶᠢᠨ ᠬᠦᠨᠲᠡᠢ ᠶᠢᠨ | ᠥᠷᠪᠢᠰᠦᠯᠲᠡ ᠪᠣᠯ᠂ ᠦᠨᠳᠦᠷ ᠬᠡᠮᠵᠢᠶ᠎ᠡ ᠶᠢᠨ ᠹᠢᠼᠢᠣᠯᠦᠬᠢ ᠶᠢᠨ ᠠᠭᠤᠰᠣᠮᠠᠯ ᠢᠶᠠᠷ ᠵᠠᠶᠢᠯᠠᠵᠦ᠂ ᠢᠦᠢ ᠱᠢ ᡁᠢ᠂ ᠭᠠᠨ ᠢᠦ᠂ ᠢᠤᠳ᠋ ᠲᠠᠢ ᠭᠠᠨ ᠢᠤ ᠶᠢ | ᠰᠠᠪᠠ ᠶᠢᠨ ᠬᠦᠨᠲᠡᠢ ᠳᠤ ᠲᠦᠷᠬᠢᠵᠦ ᠦᠭᠬᠦᠨ᠎ᠡ᠃ | ⒋ᠰᠠᠪᠠᠨ ᠤ ᠦᠨᠳᠡᠭᠡᠪᠴᠢ ᠶᠢᠨ ᠠᠲᠷᠤᠫᠢ ᠶᠢ ᠵᠠᠰᠠᠬᠤ ᠵᠤᠷ᠄ ᠦᠨᠢᠶ᠎ᠡ ᠪᠦᠷᠢ ᠳᠤ ᠫᠤᠯᠢᠺᠦᠯ ᠤᠨ ᠴᠦᠪᠦᠷᠢᠭᠦᠦ ᠶᠢᠨ ᠭᠤᠷᠮᠤᠨ ᠢ 5000 — | 10000 ᠨᠢᠭᠡᠴᠢ ᠶᠢ ᠠᠷᠠᠰᠤᠨ ᠲᠤᠤᠷ᠎ᠠ ᠨᠢ ᠲᠠᠷᠢᠵᠦ ᠥᠭᠭᠦᠨ᠎ᠡ᠃ ᠡᠭᠦᠨ ᠤ ᠬᠠᠮᠲᠤ ᠦᠨᠢᠶ᠎ᠡ ᠶᠢᠨ ᠠᠷᠠᠴᠢᠯᠠᠭ᠎ᠠ ᠶᠢ ᠰᠠᠶᠢᠵᠢᠷᠠᠭᠤᠯᠵᠤ᠂ ᠰᠢᠮ᠎ᠡ ᠰᠠᠶᠢᠲᠡᠢ | ᠣᠭᠤᠷᠠᠭ᠂ ᠸᠢᠲ᠋ᠠᠮᠢᠨ᠂ ᠮᠧᠨᠧᠷᠡᠯ ᠤᠨ ᠵᠣᠶᠢᠯ ᠢᠶᠠᠷ ᠪᠠᠶᠠᠯᠢᠭ ᠪᠣᠷᠳᠤᠭ᠎ᠠ ᠪᠠᠷ ᠲᠡᠵᠭᠡᠵᠦ᠂ ᠬᠦᠳᠡᠯᠭᠡᠭᠡᠨ ᠢ ᠨᠢ ᠲᠤᠬᠢᠷᠠᠭᠤᠯᠵᠤ᠂ ᠰᠠᠪᠠᠨ ᠤ ᠦᠨᠳᠡᠭᠡᠪᠴᠢ | ᠶᠢᠨ ᠴᠢᠳᠠᠪᠦᠷᠢ ᠶᠢ ᠰᠠᠶᠢᠵᠢᠷᠠᠭᠤᠯᠪᠠᠯ ᠪᠣᠯᠴᠢᠬᠠᠨ᠎ᠠ᠃ | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |