ᠦᠨᠢᠶ᠎ᠡ ᠬᠤᠨᠢ ᠢᠮᠠᠭ᠎ᠠ ᠶᠢ ᠠᠳᠠᠯᠢ ᠬᠤᠭᠤᠴᠠᠭ᠎ᠠ ᠳᠤ ᠣᠷᠤᠭ᠎ᠠ ᠣᠷᠣᠭᠤᠯᠪᠠᠯ ᠡᠳ᠋ ᠪᠣᠳᠠᠰ᠂ ᠡᠮ᠂ ᠬᠥᠳᠡᠯᠮᠦᠷᠢ ᠬᠦᠴᠦ ᠵᠡᠷᠭᠡ ᠶᠢ ᠶᠡᠭᠡᠪᠡᠷ | ᠠᠷᠪᠢᠯᠠᠬᠤ ᠪᠠᠷ ᠥᠯᠥ ᠪᠠᠷᠠᠨ ᠦᠬᠡᠷ ᠲᠡᠵᠢᠭᠡᠯᠭᠡ᠂ ᠬᠤᠨᠢ ᠮᠠᠯᠵᠢᠯᠭ᠎ᠠ ᠶᠢᠨ ᠤᠶᠢᠯᠡᠰ ᠢ ᠬᠥᠭᠵᠢᠭᠦᠯᠬᠦ ᠪᠥᠳᠥᠮᠵᠢᠲᠡᠢ ᠠᠷᠭ᠎ᠠ ᠪᠣᠯᠣᠨ᠎ᠠ᠃ ᠦᠨᠢᠶᠡᠨ ᠤ | ᠤᠭᠤᠷᠠᠭ ᠰᠦ ᠶᠢ ᠦᠨᠢᠶ᠎ᠡ ᠬᠤᠨᠢ ᠢᠮᠠᠭᠠᠨ ᠳᠤ ᠬᠡᠷᠡᠭᠯᠡᠵᠦ᠂ ᠠᠳᠠᠯᠢ ᠬᠤᠭᠤᠴᠠᠭᠠᠨ ᠳᠤ ᠣᠷᠤᠭ᠎ᠠ ᠣᠷᠣᠭᠤᠯᠬᠤ ᠮᠡᠷᠭᠡᠵᠢᠯ ᠢ ᠨᠢᠭᠡᠨᠳᠡ ᠣᠯᠣᠰ ᠤᠨ | ᠲᠣᠳᠣᠭᠠᠳᠤ ᠭᠠᠳᠠᠭᠠᠳᠤ ᠳᠤ ᠬᠡᠷᠡᠭᠯᠡᠭᠡᠳ ᠠᠵᠦ ᠠᠬᠤᠢ ᠶᠢᠨ ᠦᠷ᠎ᠡ ᠠᠰᠢᠭ ᠢᠶᠠᠷ ᠶᠡᠭᠡ ᠰᠠᠶᠢᠨ ᠪᠠᠶᠢᠨ᠎ᠠ᠃ ᠤᠴᠢᠷ ᠨᠢ ᠦᠨᠢᠶᠡᠨ ᠤ ᠤᠭᠤᠷᠠᠭ ᠰᠦ ᠳᠤ | ᠡᠯᠪᠡᠭ ᠪᠠᠶᠠᠯᠢᠭ ᠭᠡᠭᠡᠯ ᠤᠨ ᠺᠧᠲ᠋ᠤᠨ᠂ ᠬᠤᠷᠮᠣᠨ᠂ ᠰᠢᠪᠳᠦᠷ ᠬᠦᠴᠢᠯ᠂ ᠸᠢᠲ᠋ᠠᠮᠢᠨA ᠪᠠ E᠂ ᠤᠭᠤᠷᠠᠭ᠂ ᠪᠢᠴᠢᠯ ᠡᠯᠧᠮᠧᠨ᠋ᠲ ᠵᠡᠷᠭᠡ ᠰᠢᠮ᠎ᠡ ᠲᠡᠵᠢᠭᠡᠯᠲᠤ | ᠪᠣᠳᠠᠰ ᠠᠭᠤᠯᠤᠭᠳᠠᠵᠦ ᠪᠠᠶᠢᠳᠠᠭ ᠲᠤᠯᠠ ᠡᠳᠡᠭᠡᠷ ᠪᠣᠳᠠᠰ ᠨᠢ ᠡᠬᠡ ᠮᠠᠯ ᠤᠨ ᠥᠷᠡᠵᠢᠯ ᠤᠨ ᠴᠢᠳᠠᠪᠦᠷᠢ ᠳᠤ ᠰᠠᠳᠠᠯᠲᠠ ᠥᠭᠴᠦ᠂ ᠦᠨᠢᠶ᠎ᠡ ᠬᠤᠨᠢ ᠢᠮᠠᠭ᠎ᠠ ᠶᠢ | ᠠᠳᠠᠯᠢ ᠬᠤᠭᠤᠴᠠᠭᠠᠨ ᠳᠤ ᠣᠷᠤᠭ᠎ᠠ ᠣᠷᠣᠭᠤᠯᠳᠠᠭ ᠮᠥᠷᠳᠡᠭᠡᠨ ᠬᠡᠬᠡᠯ ᠲᠤᠭᠳᠠᠬᠤ ᠨᠤᠷᠮ᠎ᠠ ᠨᠢ ᠴᠤ ᠶᠡᠭᠡ ᠦᠨᠳᠦᠷ ᠪᠠᠶᠢᠳᠠᠭ᠃ | 1. ᠦᠨᠢᠶᠡᠨ ᠳᠤ ᠣᠷᠤᠭ᠎ᠠ ᠣᠷᠣᠭᠤᠯᠬᠤ᠄ ᠡᠷᠡᠭᠦᠯ ᠦᠨᠢᠶᠡᠨ ᠤ ᠤᠭᠤᠷᠠᠭ ᠰᠦ ︵ᠲᠠᠷᠦᠢ ᠲᠤᠭᠤᠯᠯᠠᠭᠰᠠᠨ ᠤ ᠬᠤᠶᠢᠨ᠎ᠠ 2 ᠴᠠᠭ ᠠᠴᠠ | ᠬᠡᠳᠤᠷᠡᠭᠰᠡᠨ ᠦᠬᠡᠢ ᠤᠭᠤᠷᠠᠭ ᠰᠦ︶ ᠶᠢ ᠠᠪᠴᠦ᠂ 1 ᠯᠢᠲᠷ ᠪᠦᠷᠢ ᠳᠤ 100 ᠲᠥᠮᠡᠨ ᠬᠦᠬᠦᠷ ᠬᠦᠴᠢᠯ ᠤᠨ ᠯᠢᠶᠠᠨ ᠮᠸᠢ ᠰᠦ ᠶᠢ ᠬᠤᠯᠢᠵᠦ᠂ ᠡᠮ ᠨᠢ | ᠬᠦᠢᠴᠡᠳ ᠠᠭᠤᠰᠤᠭᠰᠠᠨ ᠤ ᠳᠠᠷᠠᠭ᠎ᠠ ᠦᠨᠢᠶ᠎ᠡ ᠪᠦᠷᠢ ᠳᠤ ᠬᠦᠵᠦᠭᠦᠨ ᠤ ᠬᠡᠰᠡᠭ ᠤᠨ ᠠᠷᠠᠰᠣᠨ ᠲᠤᠤᠷ᠎ᠠ ᠨᠢ 300 ᠮᠢᠯᠢᠯᠢᠲᠷ ᠢ ᠲᠠᠷᠢᠪᠠᠯ ᠦᠨᠢᠶ᠎ᠡ ᠨᠢ 5 | — 7 ᠡᠳᠦᠷ ᠤᠨ ᠲᠠᠷᠠᠭ᠎ᠠ ᠣᠷᠤᠭ᠎ᠠ ᠣᠷᠣᠳᠠᠭ᠃ ᠣᠷᠤᠭ᠎ᠠ ᠣᠷᠣᠬᠤ ᠨᠣᠷᠮ᠎ᠠ ᠨᠢ 91% ᠠᠴᠠ ᠳᠡᠭᠡᠭᠰᠢ ᠪᠤᠢ᠃ | 2. ᠬᠤᠨᠢ ᠢᠮᠠᠭ᠎ᠠ ᠳᠤ ᠣᠷᠤᠭ᠎ᠠ ᠣᠷᠣᠭᠤᠯᠬᠤ᠄ ᠡᠷᠡᠭᠦᠯ ᠦᠨᠢᠶᠡᠨ ᠤ ᠤᠭᠤᠷᠠᠭ ᠰᠦ ︵ᠲᠤᠭᠤᠯᠯᠠᠭᠠᠳ 2 ᠴᠠᠭ ᠬᠡᠳᠦᠷᠡᠭᠰᠡᠨ ᠦᠬᠡᠷ ᠪᠣᠶᠣ | ᠬᠠᠷᠪᠢᠰᠦ ᠨᠢ ᠤᠨᠠᠭᠠᠳ 2 ᠴᠠᠭ ᠠᠴᠠ ᠥᠡᠭᠭᠡᠷᠡᠭᠰᠡᠨ ᠦᠬᠡᠢ ᠤᠭᠤᠷᠠᠭ ᠰᠦ︶ ᠶᠢ 100 ᠮᠢᠯᠢᠯᠢᠲᠷ ᠠᠪᠴᠦ᠂ ᠲᠡᠭᠡᠷ᠎ᠡ ᠨᠢ 25 ᠲᠥᠮᠡ ᠬᠦᠬᠦᠷ ᠬᠦᠴᠢᠯ | ᠤᠨ ᠯᠢᠶᠡᠨ ᠮᠸᠢ ᠰᠦ ᠶᠢ ᠬᠤᠯᠢᠵᠦ ᠠᠭᠤᠰᠬᠠᠭᠰᠠᠨ ᠤ ᠲᠠᠷᠠᠭ᠎ᠠ ᠬᠤᠨᠢ ᠢᠮᠠᠭ᠎ᠠ ᠳᠠᠭᠠᠨ 20 ᠮᠢᠯᠢᠯᠢᠲᠷ ᠢ ᠪᠤᠯᠴᠢᠩ ᠮᠢᠬᠠᠨ ᠳᠤᠨᠢ ᠲᠠᠷᠢᠪᠠᠯ ᠬᠤᠨᠢ ᠢᠮᠠᠭ᠎ᠠ | ᠨᠢ 5 ᠡᠳᠦᠷ ᠤᠨ ᠲᠠᠷᠠᠭ᠎ᠠ ᠣᠷᠤᠭ᠎ᠠ ᠣᠷᠣᠳᠠᠭ ᠪᠣᠯᠬᠤᠷ ᠵᠣᠬᠢᠶᠠᠮᠠᠯ ᠬᠡᠭᠡᠯᠳᠤᠭᠦᠯᠭᠡ ᠬᠢᠵᠦ ᠪᠣᠯᠣᠨ᠎ᠠ᠃ ᠲᠤᠷᠰᠢᠯᠲᠠ ᠠᠴᠠ ᠦᠵᠡᠪᠡᠯ ᠣᠷᠤᠭ᠎ᠠ ᠣᠷᠣᠵᠣ | ᠬᠡᠬᠡᠯ ᠲᠤᠭᠳᠠᠬᠤ ᠨᠣᠷᠮ᠎ᠠ ᠨᠢ 93% ᠠᠴᠠ ᠳᠡᠭᠡᠭᠰᠢᠬᠢ ᠳᠤ ᠬᠦᠷᠴᠦ ᠪᠤᠢ᠃ | | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ |