ᠤᠷᠳᠤᠰᠴᠤᠳ ᠤᠨ ᠮᠠᠯ ᠬᠦᠡᠭᠭᠡᠯᠡᠬᠦ ᠶᠤᠰᠤ
ᠨᠡᠶᠢᠲᠡᠯᠡᠭᠰᠡᠨ ᠴᠠᠭ᠄
2025/5/6
    ᠤᠷᠳᠤᠰᠴᠤᠳ ᠦᠨᠦᠬᠦ ᠬᠤᠷᠠᠭ᠎ᠠ ᠪᠠᠨ ᠵᠤᠨ ᠤ ᠡᠬᠢᠨ ᠰᠠᠷ᠎ᠠ ᠶᠢᠨ ᠰᠢᠨ᠎ᠡ ᠶᠢᠨ ᠲᠠᠪᠤᠨ ᠳᠤ ᠬᠦᠡᠭᠭᠡᠯᠡᠳᠡᠭ᠃ ᠶᠡᠷᠦ ᠨᠢ ᠪᠤᠳᠠ ᠪᠤᠭ ᠮᠠᠯ ᠤᠨ ᠤᠨᠴᠠᠯᠢᠭ ᠠᠴᠠ ᠨᠢ ᠰᠢᠯᠲᠠᠭᠠᠯᠠᠨ᠂ ᠲᠦᠯ ᠮᠠᠯ ᠢ ᠬᠦᠡᠭᠭᠡᠯᠡᠬᠦ ᠠᠷᠭ᠎ᠠ ᠨᠢ ᠦᠬᠡᠷ᠎ᠡ ᠪᠤᠯᠪᠠᠴᠤ ᠬᠦᠢᠴᠡᠳᠬᠡᠬᠦ ᠵᠠᠩ ᠦᠢᠯᠡ ᠨᠢ ᠶᠡᠷᠦᠩᠭᠡᠢ ᠳᠡᠭᠡᠨ ᠠᠳᠠᠯᠢ ᠶᠤᠮ᠃ ᠲᠤᠬᠠᠢᠢᠯᠠᠪᠠᠯ ᠪᠤᠭ ᠮᠠᠯ ᠢ ᠬᠦᠡᠭᠭᠡᠯᠡᠬᠦ ᠳᠤ ᠮᠤᠩᠭᠤᠯ ᠭᠡᠷ ᠤᠨ ᠢᠶᠠᠨ ᠪᠠᠷᠠᠭᠤᠨ ᠲᠠᠯ᠎ᠠ ᠳᠤ ᠢᠰᠡᠬᠡᠢ ᠪᠤᠶᠤ ᠰᠢᠷᠲᠡᠭ ᠲᠡᠪᠢᠰᠴᠤ᠂ ᠲᠡᠭᠦᠨ ᠤ ᠪᠠᠷᠠᠭᠤᠨ ᠲᠠᠯ᠎ᠠ ᠪᠠᠷ ᠪᠠᠭᠠᠨ᠎ᠠ ᠶᠢᠨ ᠲᠤᠯᠤᠭᠠᠢ ᠶᠢ ᠬᠤᠶᠢᠲᠤ ᠵᠦᠭ ᠬᠠᠨᠳᠤᠭᠤᠯᠵᠤ ᠲᠠᠯᠪᠢᠳᠠᠭ᠃ ᠮᠠᠯ ᠬᠦᠡᠭᠭᠡᠯᠡᠬᠦ ᠬᠦᠮᠦᠨ ᠤ ᠪᠠᠷᠠᠭᠤᠨ ᠭᠠᠷ ᠲᠠᠯ᠎ᠠ ᠳᠤ ᠫᠢᠯᠠ ᠲᠠᠢ ᠲᠠᠪᠤᠨ ᠲᠠᠷᠢᠶ᠎ᠠ᠂ ᠴᠠᠭᠠᠨ ᠢᠳᠡᠭᠡ᠂ ᠰᠠᠭᠤᠯᠠᠭ᠎ᠠ ᠲᠠᠢ ᠰᠢᠷ᠎ᠠ ᠪᠤᠳᠠᠭ᠎ᠠ᠂ ᠰᠦ ᠠᠶᠢᠷᠠᠭ ᠴᠢᠳᠠᠮᠯᠡᠭᠰᠡᠨ ᠤᠰᠤ ᠬᠢᠵᠤ᠂ ᠲᠡᠭᠡᠷ᠎ᠡ ᠨᠢ ᠲᠠᠯᠠᠯᠭ᠎ᠠ ᠶᠢᠨ ᠰᠤᠮᠤ ᠶᠢ ᠬᠦᠨᠳᠡᠯᠡᠨ ᠲᠠᠷᠤᠵᠤ᠂ ᠬᠠᠵᠠᠭᠤ ᠳᠤᠨᠢ ᠰᠠᠩ ᠲᠠᠯᠪᠢᠬᠰᠠᠨ ᠪᠠᠶᠢᠳᠠᠭ᠃ ᠲᠦᠯ ᠢ ᠬᠦᠡᠭᠭᠡᠯᠡᠬᠦ ᠳᠤ ᠬᠡᠷ ᠤᠨ ᠡᠵᠡᠭᠲᠡᠢ ᠰᠠᠩ ᠲᠠᠯᠪᠢᠵᠤ᠂ ᠮᠠᠯ ᠤᠨ ᠬᠤᠷᠤᠭ᠎ᠠ ᠬᠠᠰᠢᠶ᠎ᠠ ᠪᠠᠨ ᠠᠷᠴᠠ ᠲᠠᠪᠤᠰᠤ ᠪᠠᠷ ᠠᠷᠢᠭᠤᠯᠠᠬᠤ ᠭᠠᠷ ᠬᠦᠢᠴᠡᠳᠬᠡᠯ ᠢ ᠬᠢᠳᠡᠭ᠃ ᠬᠤᠷᠠᠭ᠎ᠠ ᠦᠨᠦᠬᠦ ᠬᠦᠡᠭᠭᠡᠯᠡᠬᠦ ᠳᠡᠭᠡᠨ ᠮᠤᠩᠭᠤᠯᠴᠤᠳ ᠪᠡᠶ᠎ᠡ ᠪᠢᠯᠳᠠᠷ ᠰᠠᠶᠢᠲᠠᠢ ᠬᠤᠷᠠᠭ᠎ᠠ ᠠᠴᠠ ᠡᠬᠢᠯᠡᠭᠦᠯᠵᠤ᠂ ᠭᠤᠤᠯ ᠳᠤᠨᠢ ᠦᠨᠦᠬᠦ ᠬᠦᠡᠭᠭᠡᠯᠡᠵᠤ᠂ ᠬᠠᠮᠤᠭ ᠰᠡᠭᠦᠯ ᠳᠤᠨᠢ ᠮᠦᠨ ᠬᠤᠷᠠᠭ᠎ᠠ ᠬᠦᠡᠭᠭᠡᠯᠡᠵᠤ ᠲᠡᠭᠦᠰᠭᠡᠳᠡᠭ᠃ ᠤᠴᠢᠷ ᠨᠢ ᠬᠤᠨᠢ ᠪᠤᠯ ᠬᠠᠯᠠᠭᠤᠨ ᠬᠤᠰᠢᠭᠤᠲᠤ ᠬᠦᠨᠳᠦᠲᠦ ᠮᠠᠯ ᠪᠤᠯᠠᠢ᠃ ᠬᠤᠷᠠᠭ᠎ᠠ ᠦᠨᠦᠬᠦ ᠬᠦᠡᠭᠭᠡᠯᠡᠬᠦ ᠬᠦᠮᠦᠨ ᠠᠴᠠ᠄ ︽ᠬᠠᠯᠵᠠᠠ ᠴᠠᠭᠠᠨ ᠬᠤᠷᠠᠭ᠎ᠠ ᠠᠪᠴᠢᠷᠠ︕︾ ᠬᠡᠨ᠎ᠡ᠃ ᠭᠡᠷ ᠤᠨ ᠡᠵᠡᠭᠲᠡᠢ ︽ᠰᠠᠬᠤᠨ ᠮᠠᠯ ︵ᠬᠤᠴᠠ ᠤᠬᠤᠨ᠎ᠠ︶︾ ᠲᠠᠯᠪᠢᠬᠤ ᠰᠠᠨᠠᠭᠠᠲᠠᠢ ᠪᠤᠯ ︽ᠰᠠᠬᠤᠨ ᠲᠠᠯᠪᠢᠨ᠎ᠠ︾ ᠬᠡᠨ᠎ᠡ᠃ ᠲᠡᠭᠡᠪᠡᠯ ᠰᠠᠬᠤᠨ ᠮᠠᠯ ᠤᠨ ᠮᠠᠩᠨᠠᠢ ᠶᠢ ᠵᠦᠬᠡᠬᠡᠢ ᠲᠠᠷᠠᠭ ᠤᠨ ᠲᠡᠭᠡᠵᠢ ᠪᠠᠷ ᠮᠢᠯᠢᠶᠠᠭᠠᠳ᠂ ᠡᠷᠡᠤ ᠲᠤᠤᠷ᠎ᠠ ᠨᠢ ᠴᠠᠭᠠᠨ ᠢᠳᠡᠭᠡ ᠬᠦᠷᠬᠡᠵᠤ᠂ ᠠᠷᠴᠠ ᠪᠠᠷ ᠪᠡᠶ᠎ᠡ ᠶᠢ ᠨᠢ ᠭᠤᠷᠪᠠᠨᠳᠠ ᠲᠤᠭᠤᠷᠢᠭᠤᠯᠵᠤ ᠠᠷᠢᠭᠤᠳᠬᠠᠭᠠᠳ ᠬᠠᠮᠠᠷ ᠲᠤᠤᠷ᠎ᠠ ᠨᠢ ᠠᠷᠴᠠ ᠪᠠᠨ ᠪᠠᠷᠢᠵᠤ ᠢᠷᠦᠭᠡᠨ᠎ᠡ᠃     ᠵᠠ ᠲᠦᠮᠡᠨ ᠬᠤᠨᠢᠨ ᠤ ᠲᠦᠷᠦᠭᠦᠨ ᠳᠤ     ᠮᠢᠩᠭᠠᠨ ᠬᠤᠨᠢᠨ ᠤ ᠮᠠᠩᠨᠠᠢ ᠳᠤ     ᠲᠦᠷᠪᠡᠨ ᠲᠤᠷᠤᠭᠤ ᠪᠠᠨ ᠮᠠᠶᠢᠭ ᠪᠤᠯᠲᠠᠯ᠎ᠠ     ᠲᠦᠷᠪᠡᠯᠵᠢᠨ ᠰᠠᠭᠠᠷᠢ ᠪᠠᠨ ᠬᠡᠯᠲᠡᠬᠡᠢ ᠪᠤᠯᠲᠠᠯ᠎ᠠ     ᠡᠵᠡᠨ ᠬᠦᠮᠦᠨ ᠳᠡᠭᠡᠨ ᠡᠬᠡᠯᠢᠲᠡᠢ     ᠢᠵᠢᠯᠢ ᠰᠦᠷᠦᠭ ᠲᠡᠭᠡᠨ ᠲᠦᠰᠢᠭ ᠲᠠᠢ ᠶᠠᠪᠤᠭᠠᠷᠠᠢ᠃     ᠦᠷ᠎ᠠ ᠲᠦᠯ ᠤᠯᠠᠨ ᠲᠠᠢ     ᠦᠷᠡᠵᠢᠯ ᠰᠢᠮ᠎ᠡ ᠰᠠᠶᠢᠲᠠᠢ ᠬᠤᠴᠠ ᠪᠤᠯᠤᠭᠠᠷᠠᠢ᠃     ᠰᠦᠷᠦᠭ ᠨᠢ ᠲᠡᠯᠭᠡᠷ ᠪᠤᠯᠤᠭ     ᠰᠦᠮᠪᠤᠷ ᠠᠭᠤᠯᠠ ᠶᠢᠨ ᠡᠪᠡᠰᠦ ᠢᠳᠡ     ᠰᠦᠨ ᠲᠠᠯᠠᠢ ᠶᠢᠨ ᠤᠰᠤ ᠤᠤᠭᠤ     ᠲᠦᠮᠡᠨ ᠬᠤᠨᠢᠨ ᠤ ᠲᠦᠷᠦᠭᠦᠦ     ᠲᠦᠨᠳᠦᠭᠦᠷ ᠬᠠᠯᠵᠠᠨ ᠬᠤᠴᠠ ᠪᠤᠯ     ᠮᠢᠩᠭᠠᠨ ᠬᠤᠨᠢᠨ ᠤ ᠲᠦᠷᠦᠭᠦᠦ     ᠮᠠᠨᠳᠠᠭᠠᠷ ᠴᠠᠭᠠᠨ ᠬᠤᠴᠠ ᠪᠤᠯᠤᠭᠠᠷᠠᠢ᠃    ᠢᠷᠦᠭᠡᠵᠤ ᠪᠠᠷᠠᠬᠰᠠᠨ ᠤ ᠲᠠᠷᠠᠭ᠎ᠠ ᠪᠤᠰᠤᠳ ᠬᠤᠷᠠᠭ᠎ᠠ ᠦᠨᠦᠬᠦ ᠪᠠᠨ ᠬᠦᠡᠭᠭᠡᠯᠡᠨ᠎ᠡ᠃ ᠬᠦᠡᠭᠭᠡᠯᠡᠵᠤ ᠪᠠᠷᠠᠭᠠᠳ ᠭᠠᠳᠠᠬᠰᠢ ᠲᠠᠭᠤᠬᠤ ᠳᠠᠭᠠᠨ ᠪᠠᠭᠠᠨ᠎ᠠ ᠶᠢᠨ ᠲᠡᠭᠡᠭᠦᠷ ᠬᠦᠨᠳᠡᠶᠢᠬᠡᠨ ᠬᠠᠷᠠᠶᠢᠯᠭᠠᠵᠤ᠂ ᠬᠤᠶᠢᠨ᠎ᠠ ᠠᠴᠠ ᠨᠢ ᠭᠡᠷ ᠤᠨ ᠡᠵᠡᠭᠲᠡᠢ ᠰᠤᠮᠤ ᠪᠠᠷ ᠢᠶᠠᠨ ᠲᠤᠬᠢᠵᠤ  ᠲᠠᠪᠤᠨ ᠲᠠᠷᠢᠶ᠎ᠠ ᠰᠠᠴᠤᠨ᠄     ᠦᠳᠦᠨ ᠠᠴᠠ ᠬᠦᠡᠭᠭᠡᠨ     ᠰᠤᠮᠤᠨ ᠠᠴᠠ ᠬᠤᠷᠳᠤᠨ     ᠴᠢᠰᠦ ᠴᠢᠨᠢ ᠴᠠᠭ ᠲᠠᠭᠠᠨ ᠬᠠᠳᠠᠵᠤ     ᠡᠪᠡᠳᠴᠢᠨ ᠨᠢ ᠡᠳᠦᠷ ᠲᠡᠭᠡᠨ ᠡᠳᠡᠭᠡᠷᠡᠨ     ᠬᠤᠷᠤᠢ ᠬᠤᠷᠤᠢ ᠬᠤᠷᠤᠢ ᠬᠡᠵᠤ ᠬᠤᠷᠦ᠋ᠢᠯᠠᠨ ᠳᠠᠯᠠᠯᠤᠨ᠎ᠠ᠃     ᠬᠤᠷᠦ᠋ᠢᠯᠠᠵᠤ ᠲᠠᠯᠠᠯᠤᠬᠰᠠᠨ ᠪᠤᠳᠠᠭ᠎ᠠ ᠪᠠᠨ ᠮᠠᠯ ᠤᠨ ᠬᠤᠷᠤᠭᠠᠨ ᠳᠤ ᠭᠤᠷᠪᠠᠨ ᠡᠳᠦᠷ ᠬᠦᠳᠡᠯᠭᠡᠳᠡᠭ ᠦᠭᠡᠢ᠃  ᠲᠠᠪᠤᠨ ᠲᠠᠷᠢᠶ᠎ᠠ ᠰᠠᠴᠤᠵᠤ ᠪᠠᠶᠢᠬᠤ ᠨᠢ ᠮᠠᠯ ᠦᠰᠴᠤ ᠦᠷᠡᠵᠢᠬᠦ᠂ ᠰᠤᠮᠤ ᠨᠢ ᠦᠳᠳᠡᠷ ᠲᠦᠷᠭᠡᠨ ᠡᠳᠡᠭᠡᠷᠡᠭᠦᠯᠭᠦ᠂ ᠪᠠᠭᠠᠨ᠎ᠠ ᠨᠢ ᠭᠡᠷ ᠤᠨ ᠭᠠᠯ ᠭᠤᠯᠤᠮᠲᠠ ᠶᠢ ᠲᠦᠯᠦᠬᠡᠯᠡᠵᠤ᠂ ᠬᠤᠷᠤᠢ ᠬᠤᠷᠤᠢ ᠭᠡᠳᠡᠭ ᠨᠢ ᠭᠠᠯ ᠠᠷᠢᠭᠤᠯᠠᠬᠰᠠᠨ ᠲᠠᠯᠠᠯᠭ᠎ᠠ ᠶᠢᠨ ᠤᠳᠬ᠎ᠠ ᠪᠠᠷ ᠲᠤᠰ ᠲᠤᠰ ᠪᠡᠯᠭᠡᠳᠡᠵᠤ ᠪᠠᠶᠢᠭ᠎ᠠ ᠪᠢᠯᠡ᠃  
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ