ᠣᠷᠤᠭ ᠲᠠᠩᠰᠠᠯᠠᠬᠤ ᠠᠯᠬᠤᠮ ᠲᠠᠷᠠᠭ᠎ᠠ
ᠨᠡᠶᠢᠲᠡᠯᠡᠭᠰᠡᠨ ᠴᠠᠭ᠄
2018-04-18
      ᠨᠢᠭᠡ᠂ ᠬᠦᠢᠴᠡᠳᠬᠡᠬᠦ ᠦᠨᠳᠦᠰᠦᠯᠡᠯ      ︽ᠪᠦᠬᠦᠳᠡ ᠨᠠᠶᠢᠷᠠᠮᠳᠠᠬᠤ ᠲᠣᠮᠳᠠᠳᠣ ᠠᠷᠠᠳ ᠣᠯᠣᠰ ᠤᠨ ᠣᠷᠤᠭ ᠤᠨ ᠬᠠᠣᠯᠢ︾᠂ ︽ᠣᠷᠤᠭ ᠲᠠᠩᠰᠠᠯᠠᠬᠤ ᠲᠦᠷᠢᠮ︾᠂ ︽ᠣᠷᠤᠭ ᠲᠠᠩᠰᠠᠯᠠᠬᠤ ᠠᠵᠢᠯ ᠤᠨ ᠲᠦᠷ ᠭᠡᠷᠡᠭᠵᠢᠭᠦᠯᠬᠦ ᠪᠠᠷᠢᠮᠵᠢᠶ᠎ᠠ︾ ᠵᠢᠴᠢ ᠬᠠᠮᠢᠶ᠎ᠠ ᠪᠦᠬᠦᠢ ᠬᠠᠣᠯᠢ ᠴᠠᠭᠠᠵᠠ ᠬᠠᠣᠯᠢ ᠲᠦᠷᠢᠮ᠃      ᠬᠤᠶᠠᠷ᠂ ᠲᠠᠩᠰᠠᠯᠠᠬᠤ ᠨᠦᠬᠦᠴᠡᠯ      ⒈ ᠲᠣᠬᠠᠢ ᠶᠢᠨ ᠬᠦᠮᠦᠨ ᠡᠷᠭᠡᠪᠰᠢ ᠬᠠᠣᠯᠢ ᠳᠤ ᠲᠣᠭᠳᠠᠭᠰᠠᠨ ᠣᠷᠣᠭᠯᠠᠬᠤ ᠨᠠᠰᠣ ᠬᠦᠷᠦᠭᠰᠡᠨ ᠪᠠᠶᠢᠵᠤ᠂ ᠡᠷᠡᠭᠳᠡᠢ ᠪᠦᠬᠦᠯᠢ 22 ᠨᠠᠰᠣ᠂ ᠡᠮᠡᠭᠳᠡᠢ ᠪᠦᠬᠦᠯᠢ 20 ᠨᠠᠰᠣ ᠬᠦᠷᠦᠭᠰᠡᠨ ᠪᠠᠶᠢᠬᠤ ᠭᠡᠷᠡᠭᠳᠡᠢ  ︵ᠴᠦᠭᠡᠨ ᠲᠣᠭᠠᠳᠣ ᠦᠨᠳᠦᠰᠦᠳᠡᠨ ᠤ ᠡᠷᠡᠭᠳᠡᠢ ᠪᠦᠬᠦᠯᠢ 20 ᠨᠠᠰᠣ᠂ ᠡᠮᠡᠭᠳᠡᠢ ᠪᠦᠬᠦᠯᠢ 18 ᠨᠠᠰᠣ ᠬᠦᠷᠦᠭᠰᠡᠨ ᠪᠠᠶᠢᠬᠤ ᠬᠡᠷᠡᠭᠳᠡᠢ︶︔      ⒉ ᠡᠷᠡᠭᠳᠡᠢ ᠡᠮᠡᠭᠳᠡᠢ ᠬᠤᠶᠠᠷ ᠲᠠᠯ᠎ᠠ ᠪᠠᠷ ᠢᠶᠠᠨ ᠡᠷᠭᠡᠪᠰᠢ ᠰᠠᠶᠢᠨ ᠲᠣᠷ᠎ᠠ ᠶᠢᠨ ᠪᠠᠶᠢᠬᠤ ᠭᠡᠷᠡᠭᠳᠡᠢ︔      ⒊ ᠲᠣᠬᠠᠢ ᠶᠢᠨ ᠬᠦᠮᠦᠨ ᠬᠤᠭᠤᠷᠣᠨᠳᠣ ᠪᠠᠨ ᠰᠢᠭᠤᠳ ᠴᠢᠰᠣᠨ ᠲᠦᠷᠦᠯ ᠡᠰᠡᠭᠦᠯ᠎ᠡ ᠭᠤᠷᠪᠠᠨ ᠦᠶ᠎ᠡ ᠶᠢᠨ ᠲᠣᠳᠣᠷᠠᠬᠢ ᠴᠢᠰᠤᠨ ᠲᠦᠷᠦᠯ ᠤᠨ ᠦᠢᠷ᠎ᠠ ᠲᠦᠷᠦᠯ ᠤᠨ ᠬᠠᠷᠢᠴᠠᠭ᠎ᠠ ᠦᠭᠡᠢ ᠪᠠᠶᠢᠬᠤ ᠭᠡᠷᠡᠭᠳᠡᠢ︔      ⒋ ᠲᠣᠬᠠᠢ ᠶᠢᠨ ᠬᠦᠮᠦᠨ ᠨᠢ ᠠᠨᠠᠭᠠᠬᠤ ᠣᠬᠠᠭᠠᠨ ᠳᠤ ᠲᠣᠳᠣᠷᠬᠠᠶᠢᠯᠠᠭᠰᠠᠨ ᠬᠤᠷᠢᠮᠯᠠᠬᠤ ᠵᠣᠬᠢᠰ ᠦᠭᠡᠢ ᠡᠪᠡᠳᠴᠢᠨ ᠡᠮᠭᠡᠭ ᠦᠭᠡᠢ ᠪᠠᠶᠢᠬᠤ ᠬᠡᠷᠡᠭᠳᠡᠢ︔      ⒌ ᠲᠣᠬᠠᠢ ᠶᠢᠨ ᠬᠦᠮᠦᠨ ᠤ ᠲᠣᠳᠣᠷᠠᠬᠢ ᠨᠢᠭᠡ ᠲᠠᠯ᠎ᠠ ᠡᠰᠡᠬᠦᠯ᠎ᠡ ᠬᠤᠶᠠᠷ ᠲᠠᠯ᠎ᠠ ᠪᠠᠷ ᠢᠶᠠᠨ ᠲᠣᠰ ᠬᠠᠷᠢᠶᠠᠳᠣ ᠣᠷᠣᠨ ᠤ ᠲᠣᠳᠣᠷᠠᠬᠢ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠠᠮᠠᠨ ᠲᠤᠭ᠎ᠠ ᠲᠠᠢ ᠪᠠᠶᠢᠬᠤ ᠬᠡᠷᠡᠭᠲᠠᠢ︔      ⒍ ᠬᠤᠶᠠᠷ ᠲᠠᠯ᠎ᠠ ᠶᠢᠨ ᠲᠣᠬᠠᠢ ᠶᠢᠨ ᠬᠦᠮᠦᠨ ᠨᠢ ᠴᠦᠮ ᠬᠤᠯᠪᠤᠭᠠᠰᠤ ᠦᠭᠡᠢ ᠪᠠᠶᠢᠬᠤ ᠭᠡᠷᠡᠭᠳᠡᠢ ︵ᠣᠷᠤᠭ ᠤᠨ ᠪᠠᠶᠢᠳᠠᠯ ᠨᠢ ᠣᠷᠣᠭᠯᠠᠭᠠᠳᠣᠢ᠂ ᠣᠷᠤᠭ ᠰᠠᠯᠣᠭᠰᠠᠨ ᠡᠰᠡᠭᠦᠯ᠎ᠡ ᠬᠠᠨᠢ ᠪᠠᠨ ᠠᠯᠳᠠᠭᠰᠠᠨ︶︔      ⒎ ᠲᠣᠬᠠᠢ ᠶᠢᠨ ᠬᠦᠮᠦᠨ ᠤ ᠣᠷᠤᠭ ᠲᠠᠩᠰᠠᠯᠠᠬᠤ ᠪᠠᠷ ᠬᠠᠩᠭᠠᠭᠰᠠᠨ ᠭᠡᠷᠡᠴᠢ ᠦᠨᠡᠮᠯᠡᠯ ᠡᠷᠭᠡᠪᠰᠢ ᠬᠠᠣᠯᠢ  ᠳᠤ ᠨᠡᠶᠢᠴᠡᠭᠰᠡᠨ᠂ ᠪᠦᠷᠢᠨ ᠪᠦᠳᠦᠨ᠂ ᠦᠨᠡᠨ ᠪᠣᠳᠠᠳᠠᠢ᠂ ᠬᠦᠴᠦᠨ ᠲᠠᠢ ᠪᠠᠶᠢᠬᠤ ᠭᠡᠷᠡᠭᠳᠡᠢ᠃      ᠭᠤᠷᠪᠠ᠂ ᠲᠣᠬᠠᠢ ᠶᠢᠨ ᠬᠦᠮᠦᠨ ᠤ ᠲᠣᠰᠢᠶᠠᠪᠠᠰᠣ ᠵᠣᠬᠢᠬᠤ ᠦᠨᠡᠮᠯᠡᠯ ᠪᠠ ᠭᠡᠷᠡᠴᠢ ᠮᠡᠲ᠋ᠧᠷᠢᠶᠠᠯ      ⒈ ᠬᠤᠶᠠᠷ ᠲᠠᠯ᠎ᠠ ᠪᠠᠷ ᠢᠶᠠᠨ ᠦᠣᠰᠢᠨ ᠬᠤᠰᠢᠭᠤᠨ ᠤ ᠡᠬᠡ ᠨᠢᠯᠬᠠᠰ ᠤᠨ ᠡᠷᠡᠭᠦᠯᠵᠢᠯ ᠤᠨ ᠭᠠᠵᠠᠷ ᠲᠤ ᠣᠴᠢᠵᠣ ᠣᠷᠣᠭᠯᠠᠬᠤ ᠠᠴᠠ ᠡᠮᠦᠨᠡᠬᠢ ᠪᠠᠶᠢᠴᠠᠭᠠᠯᠳᠠ ᠬᠢᠵᠦ᠂ ᠣᠷᠣᠭᠯᠠᠬᠤ ᠠᠴᠠ ᠡᠮᠦᠨᠡᠬᠢ ᠠᠨᠠᠭᠠᠬᠤ ᠣᠬᠠᠭᠠᠨ ᠤ ᠪᠠᠶᠢᠴᠠᠭᠠᠯᠳᠠ ᠶᠢᠨ ᠭᠡᠷᠡᠴᠢ ᠪᠠᠨ ᠠᠪᠬᠤ ᠭᠡᠷᠡᠭᠳᠡᠢ᠃      ⒉ ᠬᠤᠶᠠᠷ ᠲᠠᠯ᠎ᠠ ᠪᠠᠷ ᠢᠶᠠᠨ ᠪᠡᠶ᠎ᠡ ᠶᠢᠨ ᠦᠨᠡᠮᠯᠡᠯ᠂ ᠡᠷᠦᠬᠡ ᠠᠮᠠ ᠶᠢᠨ ᠲᠡᠪᠳᠡᠷ ᠵᠢᠴᠢ ᠬᠠᠭᠤᠯᠪᠣᠷᠢ ᠲᠤᠰᠪᠤᠷᠢ ᠨᠢᠭᠡ ᠬᠤᠪᠢ᠂ ᠣᠷᠣᠭᠯᠠᠬᠤ ᠠᠴᠠ ᠡᠮᠦᠨᠡᠬᠢ ᠠᠨᠠᠭᠠᠬᠤ ᠣᠬᠠᠭᠠᠨ ᠤ ᠪᠠᠶᠢᠴᠠᠭᠠᠯᠳᠠ ᠶᠢᠨ ᠭᠡᠷᠡᠴᠢ᠂ ᠬᠤᠶᠠᠷ ᠬᠦᠮᠦᠨ ᠤ ᠬᠤᠶᠠᠷ ᠢᠮᠠᠬᠤ ᠶᠢᠨ ᠣᠯᠠᠭᠠᠨ ᠲᠡᠪᠢᠰᠭᠡᠷ ᠲᠠᠢ ᠰᠡᠭᠦᠳᠡᠷ ᠭᠤᠷᠪᠠᠨ ᠬᠤᠪᠢ ᠠᠪᠣᠭᠠᠳ᠂ ᠲᠠᠩᠰᠠᠯᠠᠬᠤ ᠭᠠᠵᠠᠷ ᠣᠴᠢᠵᠣ ᠣᠷᠣᠭᠯᠠᠬᠤ ᠲᠠᠩᠰᠠ ᠬᠦᠢᠴᠡᠳᠬᠡᠯ ᠬᠢᠵᠦ ᠣᠷᠤᠭ ᠤᠨ ᠲᠡᠮᠳᠡᠭ ᠢᠶᠠᠨ ᠠᠪᠣᠨ᠎ᠠ᠃      ⒊ ᠲᠠᠬᠢᠨ ᠣᠷᠣᠭᠯᠠᠬᠤ ᠡᠷ᠎ᠡ ᠡᠮ᠎ᠡ ᠦᠪᠡᠷ ᠤᠨ ᠪᠣᠳᠠᠳᠣ ᠪᠠᠶᠢᠳᠠᠯ ᠢᠶᠠᠨ ᠦᠨᠳᠦᠰᠦᠯᠡᠨ ᠣᠷᠤᠭ ᠰᠠᠯᠬᠤ ᠦᠨᠡᠮᠯᠡᠯ᠂ ᠰᠢᠬᠦᠬᠦ ᠬᠤᠷᠢᠶᠠᠨ ᠤ ᠲᠠᠰᠣᠯᠣᠯᠳᠠ ᠶᠢᠨ ᠪᠢᠴᠢᠭ᠂ ᠬᠠᠨᠢ ᠪᠠᠨ ᠠᠯᠳᠠᠭᠰᠠᠨ ᠭᠡᠷᠡᠴᠢ ᠪᠠᠨ ᠬᠠᠩᠭᠠᠬᠤ ᠬᠡᠷᠡᠭᠳᠡᠢ᠂ ᠭᠡᠷᠪᠡ ᠡᠷᠦᠭᠡ ᠠᠮᠠ ᠶᠢᠨ ᠲᠡᠪᠳᠡᠷ ᠤᠨ ᠣᠷᠤᠭ ᠤᠨ ᠪᠠᠶᠢᠳᠠᠯ ᠨᠢ ᠬᠠᠨᠢ ᠪᠠᠨ ᠠᠯᠳᠠᠭᠰᠠᠨ ᠪᠠᠶᠢᠪᠠᠯ ᠦᠭᠡᠷ᠎ᠡ ᠪᠣᠰᠣᠳ ᠭᠡᠷᠡᠴᠢ ᠬᠠᠩᠭᠠᠬᠤ ᠦᠭᠡᠢ᠃      ⒋ ᠣᠷᠤᠭ ᠰᠡᠷᠭᠦᠭᠦ ᠠᠯᠬᠤᠮ ᠲᠠᠷᠠᠭ᠎ᠠ ᠨᠢ ᠣᠷᠤᠭ ᠲᠠᠩᠰᠠᠯᠠᠬᠤ ᠠᠯᠬᠤᠮ ᠲᠠᠷᠠᠭ᠎ᠠ ᠲᠠᠢ ᠠᠳᠠᠯᠢ᠃      ᠲᠦᠷᠪᠡ᠂ ᠲᠠᠩᠰᠠᠯᠠᠬᠤ ᠠᠯᠬᠤᠮ ᠲᠠᠷᠠᠭ᠎ᠠ      ᠦᠨᠡᠮᠯᠡᠯ ᠢᠶᠠᠨ ᠦᠵᠡᠭᠦᠯᠬᠦ  —  ᠬᠢᠨᠠᠨ ᠪᠠᠶᠢᠴᠠᠭᠠᠬᠤ —  ︽ᠭᠤᠶᠣᠪᠴᠢᠯᠠᠭᠴᠢ ᠶᠢᠨ ᠵᠦᠪᠰᠢᠶᠡᠷᠡᠨ ᠬᠦᠯᠢᠶᠡᠬᠦ ᠢᠳᠡᠭᠡᠮᠵᠢ ᠶᠢᠨ ᠪᠢᠴᠢᠭ︾ ᠢ ᠨᠣᠳᠠᠯᠠᠵᠣ ᠭᠠᠷ ᠤᠨ ᠦᠰᠦᠭ ᠵᠢᠷᠣᠬᠤ — ︽ᠣᠷᠤᠭ ᠲᠠᠩᠰᠠᠯᠠᠬᠤ ᠶᠢ ᠭᠤᠶᠣᠪᠴᠢᠯᠠᠬᠤ ᠢᠯᠡᠷᠭᠡᠶᠢᠯᠡᠯᠳᠡ ᠶᠢᠨ ᠪᠢᠴᠢᠭ︾ ᠢ ᠨᠣᠳᠠᠯᠠᠵᠣ ᠭᠠᠷ ᠤᠨ ᠦᠰᠦᠭ ᠵᠢᠷᠣᠬᠤ — ᠣᠷᠤᠭ ᠲᠠᠩᠰᠠᠯᠠᠬᠤ ᠬᠢᠨᠠᠨ ᠪᠠᠶᠢᠴᠠᠭᠠᠯᠳᠠ ᠶᠢᠨ ᠬᠦᠰᠦᠨᠦᠭ ᠢ ᠨᠣᠳᠠᠯᠠᠵᠣ ᠭᠠᠷ ᠤᠨ ᠦᠰᠦᠭ ᠵᠢᠷᠣᠬᠤ — ︽ᠣᠷᠤᠭ ᠤᠨ ᠲᠡᠮᠳᠡᠭ︾ ᠣᠯᠭᠤᠬᠤ᠃      ᠲᠠᠪᠤ᠂ ᠬᠦᠢᠴᠡᠳᠬᠡᠬᠦ ᠴᠠᠭ ᠤᠨ ᠬᠢᠵᠠᠭᠠᠷ      ᠦᠨᠡᠮᠯᠡᠯ ᠪᠦᠷᠢᠨ ᠬᠦᠢᠴᠡᠳ ᠪᠦᠭᠡᠳ ᠣᠷᠤᠭ ᠲᠠᠩᠰᠠᠯᠠᠬᠤ ᠨᠦᠬᠦᠴᠡᠯ ᠳᠤ ᠨᠡᠶᠢᠴᠡᠭᠰᠡᠨ ᠪᠣᠯ ᠲᠠᠷᠣᠢ ᠳᠤᠨᠢ ᠬᠦᠢᠴᠡᠳᠬᠡᠨ᠎ᠡ᠃ ᠬᠠᠣᠯᠢ ᠳᠤ ᠲᠣᠭᠳᠠᠭᠰᠠᠨ ᠨᠦᠬᠦᠴᠡᠯ ᠳᠤ ᠨᠡᠶᠢᠴᠡᠬᠦ ᠦᠭᠡᠢ ᠪᠣᠯ ᠬᠠᠮᠢᠶ᠎ᠠ ᠪᠦᠬᠦᠢ ᠦᠨᠡᠮᠯᠡᠯ ᠢ  ᠨᠢ ᠪᠣᠴᠠᠭᠠᠨ᠎ᠠ᠃      ᠬᠠᠷᠢᠭᠤᠴᠠᠯᠭ᠎ᠠ ᠶᠢᠨ ᠰᠠᠯᠠᠭ᠎ᠠ ᠮᠦᠴᠢᠷ᠄ ᠦᠣᠰᠢᠨ ᠬᠤᠰᠢᠭᠤᠨ ᠤ ᠠᠷᠠᠳ ᠤᠨ ᠶᠠᠪᠣᠳᠠᠯ ᠤᠨ ᠲᠤᠪᠴᠢᠶᠠᠨ  ᠤ ᠤᠷᠤᠭ ᠲᠠᠩᠰᠠᠯᠠᠬᠤ ᠭᠠᠵᠠᠷ      ᠬᠠᠷᠢᠭᠤᠴᠠᠯᠭᠠᠳᠠᠨ᠄  ᠴᠤᠯᠮᠤᠨ      ᠬᠠᠷᠢᠯᠴᠠᠬᠤ ᠤᠳᠠᠰᠤ᠄  0477 —7212819
 
ᠢᠷᠡᠯᠲᠡ᠄ ᠠᠷᠠᠳ ᠤᠨ ᠶᠠᠪᠣᠳᠠᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号