ᠪᠦᠭᠦᠨ ᠳᠤ ᠲᠤᠭᠢᠷᠠᠬᠤ ᠺᠠᠷᠲ ᠶᠢᠨ ᠲᠤᠬᠠᠢ
ᠨᠡᠶᠢᠲᠡᠯᠡᠭᠰᠡᠨ ᠴᠠᠭ᠄
2018-04-18
      ᠭᠦᠳᠡᠭᠡ ᠲᠤᠰᠬᠤᠨ ᠤ ᠭᠠᠶᠢᠯᠢ ᠰᠤᠶᠢᠳᠬᠡᠯ ᠤᠨ ᠦᠬᠡᠷᠴᠢᠯᠡᠯᠳᠡ ᠠᠴᠠ ᠨᠠᠰᠢ᠂ ᠨᠠᠮ ᠪᠡ ᠲᠦᠷᠦ ᠠᠴᠠ ᠲᠠᠷᠢᠶᠠᠯᠠᠩ᠂ ᠲᠠᠷᠢᠶᠠᠴᠢᠨ᠂ ᠭᠦᠳᠡᠭᠡ ᠲᠤᠰᠬᠤᠨ ᠳᠠᠬᠢ ᠲᠡᠮᠵᠢᠯᠬᠡ ᠶᠢᠨ ᠭᠦᠴᠦᠨ ᠢᠶᠠᠨ ᠴᠢᠩᠭᠠᠳᠬᠠᠵᠤ᠂ ᠮᠠᠯᠴᠢᠨ ᠲᠠᠷᠢᠶᠠᠴᠢᠨ ᠲᠤ ᠤᠯᠭᠤᠬᠤ ᠨᠦᠭᠦᠪᠦᠷᠢ ᠶᠢ ᠵᠢᠯ ᠲᠤᠳᠦᠮ ᠨᠡᠮᠡᠭᠳᠡᠭᠦᠯᠵᠤ ᠪᠠᠶᠢᠨ᠎ᠠ᠃ ᠤᠯᠤᠰ ᠤᠨ ᠡᠳᠡᠭᠡᠷ ᠲᠦᠷᠦ  ᠶᠢᠨ ᠪᠤᠳᠤᠯᠭ᠎ᠠ ᠤᠳ ᠢ ᠨᠡᠩ ᠰᠠᠶᠢᠨ ᠨᠠᠶᠢᠳᠠᠪᠤᠷᠢᠵᠢᠭᠤᠯᠬᠤ ᠶᠢᠨ ᠲᠤᠯᠠᠳᠠ᠂ ᠤᠳᠤ ᠠᠴᠠ ᠡᠬᠢᠯᠠᠨ᠂  ᠬᠤᠰᠢᠭᠤᠨ  ᠤ ᠬᠡᠪᠴᠢᠶᠡᠨ ᠳᠤ ᠮᠠᠯᠴᠢᠨ ᠲᠠᠷᠢᠶᠠᠴᠢᠨ ᠤ ᠨᠦᠭᠦᠪᠦᠷᠢ ᠶᠢᠨ ᠬᠠᠮᠢᠶᠠᠷᠤᠯᠳᠠ ᠶᠢᠨ ︽ ᠪᠦᠭᠦᠨ ᠳᠤ ᠲᠤᠭᠢᠷᠠᠬᠤ ᠺᠠᠷᠲ︾   ᠶᠢᠨ ᠦᠭᠡᠷᠡᠴᠢᠯᠡᠯᠳᠡ ᠶᠢ ᠶᠠᠪᠤᠭᠤᠯᠬᠤ ᠪᠤᠯᠤᠨ᠎ᠠ᠃       ︽ ᠪᠦᠭᠦᠨ ᠳᠤ ᠲᠤᠭᠢᠷᠠᠬᠤ ᠺᠠᠷᠲ︾ ᠲᠠᠷᠬᠠᠭᠠᠬᠤ ᠬᠡᠳᠡᠭ ᠪᠣᠯ᠂ ᠡᠳ᠋ ᠤᠨ ᠵᠠᠰᠠᠭ ᠠᠴᠠ ᠮᠠᠯᠴᠢᠨ ᠲᠠᠷᠢᠶᠠᠴᠢᠨ ᠲᠤ ᠤᠯᠭᠤᠬᠤ ᠨᠦᠭᠦᠪᠦᠷᠢ ᠮᠦᠡᠭᠭᠦ ᠶᠢ ᠬᠠᠮᠢᠶ᠎ᠠ ᠪᠦᠭᠦᠢ ᠰᠠᠯᠠᠭ᠎ᠠ ᠮᠦᠴᠢᠷ ᠢᠶᠠᠷ ᠲᠠᠮᠵᠢᠭᠤᠯᠤᠨ᠂ ᠰᠤᠮᠤ ᠪᠠᠯᠭᠠᠰᠤᠨ ᠳᠠᠬᠢ ᠨᠦᠭᠦᠪᠦᠷᠢ ᠶᠢᠨ ᠳ᠋ᠤᠶᠢᠰᠢᠶᠡᠭ᠂ ᠵᠤᠶᠢᠯ ᠢᠯᠭᠠᠯ᠂ ᠪᠠᠷᠢᠮᠵᠢᠶ᠎ᠠ ᠵᠡᠷᠭᠡ ᠳᠤ ᠬᠢᠨᠠᠯᠳᠠ ᠬᠢᠵᠤ᠂  ᠤᠯᠠᠨ ᠲᠦᠮᠠᠨ ᠳᠤ ᠨᠡᠶᠢᠳᠡᠯᠡᠬᠡᠳ ᠠᠰᠭᠤᠳᠠᠯ ᠦᠭᠡᠢ ᠪᠤᠯᠤᠭᠰᠠᠨ ᠬᠤᠶᠢᠨ᠎ᠠ᠂ ᠢᠳᠡᠭᠡᠮᠵᠢ ᠶᠢᠨ ᠬᠤᠷᠰᠢᠶᠠᠨ ᠠᠴᠠ ᠢᠳᠡᠭᠡᠮᠵᠢ ᠶᠢᠨ ᠬᠤᠷᠰᠢᠶ᠎ᠠ ᠶᠢᠨ ᠺᠠᠷᠲ ᠢᠶᠠᠷ ᠲᠠᠮᠵᠢᠭᠤᠯᠤᠨ ᠰᠢᠭᠤᠳ ᠮᠠᠯᠴᠢᠨ ᠲᠠᠷᠢᠶᠠᠴᠢᠨ ᠤᠨ ᠭᠠᠷ ᠲᠤ ᠤᠷᠤᠭᠤᠯᠬᠤ ᠶᠢ ᠬᠡᠯᠡᠵᠤ ᠪᠠᠶᠢᠭ᠎ᠠ ᠶᠤᠮ᠃ ᠤᠳᠤ ᠶᠢᠨ ᠪᠠᠶᠢᠳᠠᠯ ᠢᠶᠠᠷ᠂ ᠮᠠᠨ ᠤ ᠬᠢᠨ  ︽ᠪᠦᠭᠦᠨ ᠳᠤ ᠲᠤᠭᠢᠷᠠᠬᠤ ᠺᠠᠷᠲ︾ ᠶᠢᠨ ᠬᠠᠮᠢᠶᠠᠷᠤᠯᠳᠠ ᠶᠢᠨ ᠬᠡᠮᠵᠢᠶᠠᠨ ᠳᠤ ᠤᠷᠤᠭᠤᠯᠤᠭᠠᠳ ᠪᠠᠶᠢᠭ᠎ᠠ ᠵᠤᠶᠢᠯ ᠤᠳ ᠲᠤ᠄  ᠠᠮᠢ ᠠᠬᠤᠢ ᠶᠢᠨ ᠤᠴᠢᠷ ᠢᠶᠠᠷ ᠠᠷᠠᠳ ᠢ ᠨᠡᠭᠦᠯᠬᠡᠭᠦ ᠨᠦᠭᠦᠪᠦᠷᠢ᠂ ᠲᠠᠷᠢᠶᠠᠯᠠᠩ ᠢ ᠲᠡᠮᠵᠢᠵᠤ ᠬᠠᠮᠠᠭᠠᠯᠠᠬᠤ ᠨᠦᠭᠦᠪᠦᠷᠢ᠂  ᠡᠷᠳᠡᠨᠢ ᠰᠢᠰᠢ ᠲᠠᠷᠢᠭᠴᠢᠳ ᠤᠨ ᠨᠦᠭᠦᠪᠦᠷᠢ᠂ ᠤᠢ ᠰᠢᠭᠤᠢ ᠶᠢᠨ ᠠᠮᠢ ᠠᠬᠤᠢ ᠶᠢᠨ ᠦᠷ᠎ᠡ ᠠᠰᠢᠭ ᠤᠨ ᠨᠦᠭᠦᠪᠦᠷᠢ ᠶᠢᠨ ᠰᠠᠭᠤᠷᠢ ᠮᠦᠡᠭᠭᠦ  ︵ᠨᠡᠶᠢᠳᠡ ᠶᠢᠨ ᠠᠰᠠᠷᠠᠮᠵᠢ ᠶᠢᠨ ᠤᠢ︶᠂ ᠨᠤᠳᠤᠭ ᠪᠡᠯᠴᠢᠭᠡᠷ ᠤᠨ ᠠᠮᠢ ᠠᠬᠤᠢ ᠢ ᠬᠠᠮᠠᠭᠠᠯᠠᠬᠤ ᠨᠦᠭᠦᠪᠦᠷᠢ᠂ ᠲᠠᠷᠢᠶᠠᠨ ᠭᠠᠵᠠᠷ ᠢ ᠠᠳᠠᠷᠰᠢᠭᠤᠯᠤᠨ ᠤᠢ ᠮᠤᠳᠤ ᠶᠢ ᠰᠡᠷᠭᠦᠭᠡᠭᠦ ᠠᠮᠤ ᠲᠦᠮᠦᠰᠦᠨ ᠤ ᠨᠦᠭᠦᠪᠦᠷᠢ᠂  ᠪᠡᠯᠴᠢᠭᠡᠷᠯᠡᠭᠦᠯᠭᠦ ᠢ ᠵᠤᠭᠰᠤᠭᠠᠵᠣ ᠡᠪᠡᠰᠦ ᠪᠡᠯᠴᠢᠭᠡᠷ ᠢ ᠰᠡᠷᠭᠦᠬᠡᠭᠦ ᠨᠦᠭᠦᠪᠦᠷᠢ᠂ ᠪᠡᠯᠴᠢᠭᠡᠷᠯᠡᠭᠦ ᠶᠢ ᠴᠠᠭᠠᠵᠢᠯᠠᠵᠤ ᠬᠠᠰᠢᠶᠠᠯᠠᠨ ᠮᠠᠯᠵᠢᠬᠤ ᠡᠪᠡᠰᠦ ᠪᠤᠷᠳᠤᠭᠠᠨ ᠤ ᠨᠦᠭᠦᠪᠦᠷᠢ᠂ ᠠᠰᠠᠷᠠᠮᠵᠢ ᠶᠢᠨ ᠮᠦᠡᠭᠭᠦ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠳᠤᠯᠭ᠎ᠠ ᠶᠢᠨ ᠨᠦᠭᠦᠪᠦᠷᠢ᠂ ᠮᠠᠯᠵᠢᠬᠤ ᠲᠠᠷᠢᠶᠠᠯᠠᠬᠤ ᠤᠷᠤᠨ ᠤ ᠭᠠᠭᠴᠠ ᠬᠡᠦᠬᠡᠳ ᠲᠠᠢ ᠡᠴᠢᠬᠡ ᠡᠭᠡ  ᠢ ᠱᠠᠩᠨᠠᠨ ᠭᠦᠬᠡᠭᠦᠯᠭᠦ ᠨᠦᠭᠦᠪᠦᠷᠢ᠂ ᠮᠠᠯᠵᠢᠬᠤ ᠲᠠᠷᠢᠶᠠᠯᠠᠬᠤ ᠤᠷᠤᠨ ᠤ ᠲᠠᠪᠤᠨ ᠪᠠᠳᠤᠯᠭᠠᠳᠤ ᠡᠷᠤᠭᠡ ᠶᠢᠨ ᠨᠦᠭᠦᠪᠦᠷᠢ᠂ ᠮᠠᠯᠵᠢᠬᠤ ᠲᠠᠷᠢᠶᠠᠯᠠᠬᠤ ᠤᠷᠤᠨ ᠤ ᠨᠡᠶᠢᠬᠡᠮ ᠤᠨ ᠠᠪᠤᠷᠠᠨ ᠲᠤᠰᠯᠠᠬᠤ ᠨᠦᠭᠦᠪᠦᠷᠢ᠂ ᠭᠠᠮᠰᠢᠭ ᠠᠴᠠ ᠠᠪᠤᠷᠠᠨ ᠲᠤᠰᠯᠠᠬᠤ ᠨᠦᠭᠦᠪᠦᠷᠢ ᠮᠦᠡᠭᠭᠦ᠂ ᠲᠠᠷᠢᠶᠠᠯᠠᠩ ᠤᠨ ᠮᠠᠰᠢᠨ ᠮᠧᠬᠠᠨᠢᠭ ᠬᠤᠳᠠᠯᠳᠤᠨ ᠠᠪᠬᠤ ᠨᠦᠭᠦᠪᠦᠷᠢ᠂ ᠮᠡᠭᠡᠵᠢ ᠶᠢᠨ ᠨᠦᠭᠦᠪᠦᠷᠢ᠂ ᠮᠠᠯ ᠤᠨ ᠡᠭᠦᠯᠳᠡᠷ ᠰᠠᠶᠢᠵᠢᠷᠠᠭᠤᠯᠤᠯᠳᠠ ᠶᠢᠨ ᠨᠦᠭᠦᠪᠦᠷᠢ᠂ ᠲᠦᠯᠦᠪᠯᠡᠭᠡᠳᠦ ᠬᠡᠦᠬᠡᠳ ᠠᠪᠤᠯᠳᠠ ᠶᠢᠨ ᠨᠦᠭᠦᠪᠦᠷᠢ᠂ ᠰᠤᠷᠤᠭᠴᠢᠳ ᠤᠨ ︽ᠬᠤᠶᠠᠷ ᠠᠴᠠ ᠭᠡᠯᠳᠦᠷᠢᠭᠦᠯᠵᠦ᠂ ᠨᠢᠭᠡ ᠶᠢ ᠨᠦᠭᠦᠭᠦ︾ ᠨᠦᠭᠦᠪᠦᠷᠢ᠂ ᠭᠠᠴᠠᠭᠠᠨ ᠤ ᠺᠠᠳᠠᠷ ᠤᠨ ᠤᠯᠭᠤᠮᠵᠢ᠂ ᠠᠬᠠᠮᠠᠳ ᠨᠠᠮ ᠤᠨ ᠭᠡᠰᠢᠭᠦᠨ ᠤ ᠨᠦᠭᠦᠪᠦᠷᠢ᠂ ᠵᠡᠷᠭᠡ ᠬᠤᠷᠢ ᠭᠠᠷᠤᠢ ᠵᠤᠶᠢᠯ ᠪᠤᠢ᠃ ᠨᠦᠭᠦᠪᠦᠷᠢ ᠶᠢᠨ ᠵᠤᠶᠢᠯ ᠪᠤᠯᠭᠠᠨ ᠳᠤ ᠨᠦᠭᠦᠴᠡᠯ ᠪᠠ ᠬᠡᠪᠴᠢᠶ᠎ᠡ ᠲᠠᠢ ᠶᠤᠮ᠃       ᠬᠤᠶᠢᠰᠢᠳᠠ ᠰᠢᠨ᠎ᠠ ᠪᠠᠷ ᠨᠡᠮᠡᠭᠳᠡᠭᠦᠯᠭᠦ ᠨᠦᠭᠦᠪᠦᠷᠢ ᠶᠢᠨ ᠵᠤᠶᠢᠯ ᠤᠨ ᠮᠠᠯᠴᠢᠨ ᠲᠠᠷᠢᠶᠠᠨᠴᠢᠨ ᠤᠨ ᠬᠤᠪᠢ ᠭᠦᠮᠦᠨ ᠳᠤ ᠬᠤᠯᠪᠤᠭᠳᠠᠬᠤ ᠬᠡᠰᠡᠭ ᠢ ᠴᠦᠮ ︽ᠪᠦᠭᠦᠨ ᠳᠤ ᠲᠤᠭᠢᠷᠠᠬᠤ ᠺᠠᠷᠲ︾ ᠶᠢᠨ ᠬᠠᠮᠢᠶᠠᠷᠤᠯᠳᠠ ᠶᠢᠨ ᠬᠡᠪᠴᠢᠶᠠᠨ ᠳᠤ ᠬᠠᠮᠤᠷᠤᠭᠤᠯᠤᠨ᠎ᠠ᠃      ᠦᠷᠭᠡᠨ ᠤᠯᠠᠨ ᠮᠠᠯᠴᠢᠨ ᠲᠠᠷᠢᠶᠠᠴᠢᠳ ᠡᠷᠭᠡᠪᠡᠰᠢ ᠢᠳᠡᠭᠡᠮᠵᠢ ᠶᠢᠨ ᠬᠤᠷᠰᠢᠶ᠎ᠠ ᠶᠢᠨ ᠺᠠᠷᠲ   ᠪᠠᠨ ᠨᠠᠨᠳᠢᠩᠨᠠᠨ ᠬᠠᠳᠠᠭᠠᠯᠠᠵᠤ ᠬᠠᠮᠢᠶᠠᠷᠠᠬᠤ ᠬᠡᠷᠡᠭᠳᠡᠢ᠃ ᠬᠡᠬᠡᠭᠰᠡᠨ ᠲᠤᠬᠢᠶᠠᠯᠳᠤᠯ ᠳᠤ ᠴᠠᠭ ᠲᠤᠬᠠᠢ ᠳᠤ ᠨᠢ ᠢᠳᠡᠭᠡᠮᠵᠢ ᠶᠢᠨ ᠬᠤᠷᠰᠢᠶᠠᠨ ᠳᠤ ᠮᠡᠳᠡᠭᠳᠡᠭᠡᠷᠡᠢ᠃ ᠬᠤᠶᠢᠰᠢᠳᠠ ᠡᠯ᠎ᠡ ᠨᠦᠭᠦᠪᠦᠷᠢ ᠤᠳ ᠢ ᠡᠨᠡᠬᠦ ᠢᠳᠡᠭᠡᠮᠵᠢ ᠶᠢᠨ ᠬᠤᠷᠰᠢᠶ᠎ᠠ ᠶᠢᠨ ᠺᠠᠷᠲ ᠳᠤ ᠤᠷᠤᠭᠤᠯᠬᠤ ᠪᠤᠯᠤᠨ᠎ᠠ᠃ ᠢᠳᠡᠭᠡᠮᠵᠢ ᠵᠢᠨ‌ᠬᠤᠷᠰᠢᠶᠠᠨ ᠠᠴᠠ ᠵᠤᠭᠤᠰ ᠠᠪᠬᠤ ᠳᠠᠭᠠᠨ ᠺᠠᠷᠲ ᠳᠤ ᠵᠤᠬᠢᠰᠲᠠᠢ ᠬᠡᠮᠵᠢᠶ᠎ᠠ ᠶᠢᠨ ᠵᠤᠭᠤᠰ ᠦᠯᠡᠳᠡᠭᠡᠭᠰᠡᠨ ᠪᠠᠶᠢᠬᠤ ᠬᠡᠷᠡᠭᠳᠡᠢ ︵ᠲᠤᠬᠠᠶᠢᠯᠠᠪᠠᠯ ᠨᠢᠭᠡ ᠲᠦᠭᠦᠷᠢᠭ ᠴᠦ ᠬᠡᠰᠡᠨ ᠪᠠᠶᠢᠯᠭᠠᠬᠤ ᠬᠡᠷᠡᠭᠳᠡᠢ ᠰᠢᠤ︶᠃  ᠺᠠᠷᠲ ᠳᠤ ᠨᠦᠭᠦᠪᠦᠷᠢ ᠶᠢᠨ ᠮᠦᠡᠭᠭᠦ ᠶᠢ ᠲᠤᠳᠤᠷᠬᠠᠶᠢᠯᠠᠬᠤ ᠠᠴᠠ ᠭᠠᠳᠠᠨ᠎ᠠ᠂ ᠤᠳᠠᠭ᠎ᠠ ᠪᠦᠷᠢ ᠶᠢᠨ ᠨᠦᠭᠦᠪᠦᠷᠢ ᠶᠢᠨ ᠵᠤᠶᠢᠯ ᠪᠠ ᠠᠭᠤᠯᠭ᠎ᠠ ᠭᠠᠷᠴᠤ ᠢᠷᠡᠭᠦ ᠪᠤᠯᠤᠨ᠎ᠠ᠃ ᠲᠡᠭᠦᠨ ᠢ ᠨᠢ  ᠴᠠᠭ ᠲᠤᠬᠠᠢ ᠳᠤ ᠨᠢ ᠰᠢᠯᠭᠠᠨ ᠦᠵᠡᠵᠦ ᠠᠰᠠᠭᠤᠳᠠᠯ ᠢᠯᠡᠷᠡᠭᠰᠡᠨ ᠦᠶ᠎ᠡ ᠳᠤ ᠰᠤᠮᠤ ᠪᠠᠯᠭᠠᠰᠤᠨ ᠤ ᠪᠠᠨ ᠡᠳ᠋ ᠤᠨ ᠵᠠᠰᠠᠭ  ᠤᠨ ᠭᠠᠵᠠᠷ ᠠᠴᠠ ᠯᠡᠪᠯᠡᠭᠠᠷᠠᠢ᠃       ︽ᠪᠦᠭᠦᠨ ᠳᠤ ᠲᠤᠭᠢᠷᠠᠬᠤ ᠺᠠᠷᠲ︾ ᠶᠢ ᠬᠡᠷᠡᠭᠵᠢᠭᠦᠯᠭᠦ ᠶᠢᠨ ᠵᠤᠷᠢᠯᠭ᠎ᠠ ᠪᠤᠯ ᠲᠦᠷᠦ ᠶᠢᠨ ᠪᠤᠳᠤᠯᠭ᠎ᠠ ᠨᠠᠶᠢᠳᠠᠪᠤᠷᠢᠵᠢᠭᠤᠯᠬᠤ ᠳᠤ ᠤᠷᠤᠰᠢᠨ᠎ᠠ᠃ ᠲᠠ ᠪᠦᠭᠦᠨ ᠡᠨᠡᠭᠦ ᠦᠭᠡᠷᠡᠴᠢᠯᠡᠯᠳᠡ ᠶᠢ ᠲᠠᠮᠵᠢᠵᠤ᠂ ᠨᠦᠬᠦᠪᠦᠷᠢ ᠶᠢᠨ ᠵᠤᠶᠢᠯ᠂ ᠲᠤᠭ᠎ᠠ ᠮᠠᠭᠠᠳ ᠢ ᠦᠨᠡᠨ ᠮᠦᠨ ᠢᠶᠠᠷ ᠲᠤᠰᠬᠠᠵᠤ᠂ ᠡᠨᠡ ᠠᠵᠢᠯ ᠳᠠᠬᠢ ᠬᠢᠨᠠᠯᠳᠠ ᠶᠢ ᠰᠠᠶᠢᠳᠤᠷ ᠬᠢᠵᠤ᠂ ᠮᠦᠡᠭᠭᠦ ᠮᠡᠬᠡᠯᠡᠨ ᠠᠪᠤᠭᠰᠠᠨ ᠨᠢᠬᠡᠴᠢ ᠪᠠ ᠭᠦᠮᠦᠨ ᠤ ᠲᠦᠪ  ᠪᠣᠰᠣ ᠠᠵᠢᠯᠯᠠᠭ᠎ᠠ ᠶᠢ ᠢᠯᠡᠴᠢᠯᠡᠨ ᠵᠠᠭᠠᠯᠳᠤᠭᠠᠷᠠᠢ᠃        ᠯᠠᠪᠯᠠᠯᠭ᠎ᠠ ᠬᠢᠭᠦ ᠤᠴᠢᠷ ᠲᠠᠢ ᠪᠤᠯᠪᠠᠰᠤ 7218672 ᠳᠤ ᠤᠳᠠᠰᠤᠳᠠᠵᠤ᠂ ᠢᠯᠡᠴᠢᠯᠡᠨ ᠵᠠᠭᠠᠯᠳᠤᠬᠤ ᠤᠴᠢᠷ ᠲᠠᠢ ᠪᠤᠯᠪᠠᠰᠦ 7216605 ᠳᠤ ᠤᠲᠠᠰᠤᠳᠤᠭᠠᠷᠡᠢ᠃      
 
ᠢᠷᠡᠯᠲᠡ᠄ ᠦᠤᠰᠢᠨ ᠬᠤᠰᠢᠭᠤᠨ ᠤ ᠡᠳ᠋ ᠤᠨ ᠵᠠᠰᠠᠭ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号