ᠣᠷᠤᠭ ᠤᠨ ᠪᠠᠳᠣᠯᠠᠪᠣᠷᠢ ᠨᠦᠬᠦᠵᠣ ᠠᠪᠬᠤ ᠠᠯᠬᠤᠮ ᠳᠠᠷᠠᠭ᠎ᠠ
ᠨᠡᠶᠢᠲᠡᠯᠡᠭᠰᠡᠨ ᠴᠠᠭ᠄
2018-04-18
      ᠨᠢᠬᠡ᠂ ᠣᠷᠤᠭ ᠤᠨ ᠪᠠᠳᠣᠯᠠᠪᠣᠷᠢ ᠨᠦᠬᠦᠵᠣ ᠠᠪᠬᠤ      ⒈ ᠡᠷᠡᠭᠳᠠᠢ ᠡᠮᠡᠭᠳᠠᠢ ᠬᠤᠶᠠᠷ ᠳᠠᠯ᠎ᠠ ᠪᠣᠶᠣ ᠨᠢᠭᠡ ᠳᠠᠯ᠎ᠠ ᠶᠢᠨ ᠡᠷᠦᠭᠡ ᠠᠮᠠ ᠶᠢᠨ ᠳᠠᠩᠰᠠ ᠨᠢ ᠦᠦᠰᠢᠨ ᠬᠤᠰᠢᠭᠤᠨ ᠳᠤ ᠪᠠᠶᠢᠬᠤ ᠪᠣᠶᠣ ᠣᠣᠯ ᠨᠢ ᠦᠦᠰᠢᠨ ᠬᠤᠰᠢᠭᠤᠨ ᠤ ᠣᠷᠤᠭ ᠲᠠᠩᠰᠠᠯᠠᠬᠤ ᠭᠠᠵᠠᠷ ᠳᠠᠩᠰᠠᠯᠠᠭᠰᠠᠨ ᠣᠷᠤᠭ ᠤᠨ ᠪᠠᠳᠣᠯᠠᠪᠣᠷᠢ ᠲᠠᠢ ᠬᠦᠮᠣᠨ᠃      ⒉ ᠡᠷᠡᠭᠳᠠᠢ ᠡᠮᠡᠭᠳᠠᠢ ᠬᠤᠶᠠᠷ ᠳᠠᠯ᠎ᠠ ᠶᠢᠨ ᠡᠷᠦᠭᠡ ᠠᠮᠠ ᠶᠢᠨ ᠳᠠᠪᠳᠠᠷ᠂ ᠪᠠᠶ᠎ᠠ ᠶᠢᠨ ᠦᠨᠠᠮᠯᠠᠯ᠂ ᠣᠷᠤᠭ  ᠤᠨ ᠪᠠᠳᠣᠯᠠᠪᠣᠷᠢ ᠶᠢᠨ ᠣᠣᠯ ᠭᠡᠪᠯᠡᠯ ᠪᠠ ᠬᠠᠭᠤᠯᠪᠣᠷᠢ ᠶᠢ ᠲᠤᠰ ᠪᠦᠷᠢ ᠨᠢᠭᠡ ᠬᠤᠪᠢ᠂ ᠣᠷᠴᠢᠮ ᠤᠨ ᠬᠤᠭᠤᠴᠠᠭᠠᠨ ᠳᠤ ᠳᠠᠳᠠᠭᠰᠠᠨ ᠬᠤᠶᠠᠷ ᠢᠮᠠᠬᠤ ᠶᠢᠨ ᠣᠯᠠᠭᠠᠨ ᠳᠡᠪᠢᠰᠭᠡᠷ ᠲᠠᠢ ᠰᠠᠬᠦᠳᠠᠷ ᠭᠤᠷᠪᠠᠨ ᠬᠤᠪᠢ ᠠᠪᠴᠣ ᠦᠣᠰᠢᠨ ᠬᠤᠰᠢᠭᠤᠨ ᠤ ᠠᠷᠠᠳ ᠤᠨ ᠶᠠᠪᠣᠳᠠᠯ ᠤᠨ ᠲᠤᠪᠴᠢᠶᠠᠨ ᠤ ᠤᠷᠤᠭ ᠲᠠᠩᠰᠠᠯᠠᠬᠤ ᠭᠠᠵᠠᠷ ᠤᠴᠢᠵᠤ ᠣᠷᠤᠭ  ᠤᠨ ᠪᠠᠳᠣᠯᠠᠪᠣᠷᠢ ᠨᠦᠬᠦᠵᠣ ᠠᠪᠣᠨ᠎ᠠ᠃      ⒊ ᠭᠡᠷᠪᠠ ᠣᠷᠤᠭ ᠤᠨ ᠪᠠᠳᠣᠯᠠᠪᠣᠷᠢ ᠶᠢᠨ ᠣᠣᠯ ᠡᠬᠢ ᠶᠢ ᠭᠡᠭᠡᠭᠰᠠᠨ ᠪᠣᠯ ᠠᠩᠬ᠎ᠠ ᠣᠷᠤᠭ ᠤᠨ ᠪᠠᠳᠣᠯᠠᠪᠣᠷᠢ ᠠᠪᠣᠭᠰᠠᠨ ᠳᠠᠩᠰᠠ ᠶᠢ ᠣᠷᠪᠠᠭᠤᠯᠣᠨ ᠪᠠᠶᠢᠴᠠᠭᠠᠵᠣ ᠬᠠᠭᠤᠯᠪᠤᠷᠢ ᠶᠢ ᠨᠢᠬᠡ ᠬᠤᠪᠢ ᠠᠪᠴᠢᠷᠠᠬᠤ ᠴᠢᠬᠤᠯᠠᠳᠠᠢ᠃      ᠬᠤᠶᠠᠷ᠂ ᠳᠠᠩᠰᠠᠯᠠᠬᠤ ᠠᠯᠬᠤᠮ ᠳᠠᠷᠠᠭ᠎ᠠ᠄      ᠦᠨᠠᠮᠯᠠᠯ ᠢᠶᠠᠨ ᠦᠵᠡᠬᠦᠯᠬᠦ — ᠬᠢᠨᠠᠨ ᠪᠠᠶᠢᠴᠠᠭᠠᠬᠤ — ︽ᠭᠤᠶᠣᠪᠴᠢᠯᠠᠭᠴᠢ ᠶᠢᠨ ᠵᠦᠪᠰᠢᠶᠡᠷᠡᠨ ᠬᠦᠯᠢᠶᠠᠬᠦ ᠢᠳᠡᠭᠡᠮᠵᠢ ᠶᠢᠨ ᠪᠢᠴᠢᠭ︾ ᠢ ᠨᠣᠳᠠᠯᠠᠵᠣ ᠭᠠᠷ ᠤᠨ ᠦᠰᠦᠭ ᠵᠢᠷᠣᠬᠤ — ︽ᠣᠷᠤᠭ ᠤᠨ ᠪᠠᠳᠣᠯᠠᠪᠣᠷᠢ ᠨᠦᠬᠦᠵᠣ ᠠᠪᠬᠤ ᠭᠤᠶᠣᠪᠴᠢᠯᠠᠯ ᠤᠨ ᠢᠯᠡᠷᠭᠡᠶᠢᠯᠠᠯᠳᠠ ᠶᠢᠨ ᠪᠢᠴᠢᠭ︾ ᠢ ᠨᠣᠳᠠᠯᠠᠵᠣ ᠭᠠᠷ ᠤᠨ ᠦᠰᠦᠭ ᠵᠢᠷᠣᠬᠤ — ᠣᠷᠤᠭ ᠤᠨ ᠪᠠᠳᠣᠯᠠᠪᠣᠷᠢ ᠨᠦᠬᠦᠵᠣ ᠠᠪᠬᠤ ᠬᠢᠨᠠᠨ ᠪᠠᠶᠢᠴᠠᠭᠠᠯᠳᠠ ᠶᠢᠨ ᠬᠦᠰᠦᠨᠦᠭ ᠢ ᠨᠣᠳᠠᠯᠠᠵᠣ ᠭᠠᠷ ᠤᠨ ᠦᠰᠦᠭ ᠵᠢᠷᠣᠬᠤ — ︽ᠣᠷᠤᠭ ᠤᠨ ᠪᠠᠳᠣᠯᠠᠪᠣᠷᠢ︾ ᠣᠯᠭᠤᠬᠤ      ᠭᠤᠷᠪᠠ᠂ ᠬᠦᠢᠴᠡᠳᠬᠡᠬᠦ ᠴᠠᠭ ᠤᠨ ᠬᠢᠵᠠᠭᠠᠷ᠄      ᠡᠯ᠎ᠡ ᠭᠡᠷᠡᠭᠯᠡᠬᠦ ᠴᠢᠬᠤᠯᠠᠳᠠᠢ ᠦᠨᠠᠮᠯᠠᠯ ᠢ ᠪᠦᠷᠢᠨ ᠠᠪᠴᠢᠷᠠᠭᠰᠠᠨ ᠪᠣᠯ ᠳᠠᠷᠣᠢ ᠳᠤ ᠨᠢ ᠨᠦᠬᠦᠵᠣ ᠦᠭᠬᠦᠨ᠎ᠠ᠃ ᠬᠠᠣᠯᠢ ᠳᠤ ᠳᠣᠭᠳᠠᠭᠠᠭᠰᠠᠨ ᠨᠦᠬᠦᠴᠠᠯ ᠳᠤ ᠨᠡᠶᠢᠴᠡᠬᠦ ᠦᠭᠡᠢ ᠪᠣᠯ ᠬᠠᠮᠢᠶ᠎ᠠ ᠪᠦᠬᠦᠢ ᠦᠨᠠᠮᠯᠠᠯ ᠢ ᠨᠢ ᠪᠣᠴᠠᠭᠠᠨ᠎ᠠ᠃      ᠬᠠᠷᠢᠭᠤᠴᠠᠯᠭ᠎ᠠ ᠶᠢᠨ ᠰᠠᠯᠠᠭ᠎ᠠ ᠮᠦᠴᠢᠷ᠄ ᠦᠣᠰᠢᠨ ᠬᠤᠰᠢᠭᠤᠨ ᠤ ᠠᠷᠠᠳ ᠤᠨ ᠶᠠᠪᠣᠳᠠᠯ ᠤᠨ ᠲᠤᠪᠴᠢᠶᠠᠨ  ᠤ ᠤᠷᠤᠭ ᠲᠠᠩᠰᠠᠯᠠᠬᠤ ᠭᠠᠵᠠᠷ      ᠬᠠᠷᠢᠭᠤᠴᠠᠯᠭᠠᠳᠠᠨ᠄ ᠴᠤᠯᠮᠤᠨ      ᠬᠠᠷᠢᠯᠴᠠᠬᠤ ᠤᠳᠠᠰᠤ᠄ 0477 —7212819
 
ᠢᠷᠡᠯᠲᠡ᠄ ᠦᠣᠰᠢᠨ ᠬᠤᠰᠢᠭᠤᠨ ᠤ ᠠᠷᠠᠳ ᠤᠨ ᠶᠠᠪᠣᠳᠠᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号