ᠮᠠᠯ ᠤᠨ ᠤᠰᠤ ᠬᠡᠷᠡᠭᠰᠡᠬᠦ ᠬᠡᠮᠵᠢᠶ᠎ᠡ ᠬᠢᠭᠡᠳ ᠲᠡᠭᠦᠨ ᠢ ᠨᠥᠯᠥᠭᠡᠯᠡᠬᠦ ᠭᠦᠴᠦᠨ ᠵᠦᠢᠯ
ᠨᠡᠶᠢᠲᠡᠯᠡᠭᠰᠡᠨ ᠴᠠᠭ᠄
2018-04-19
       ᠮᠠᠯ ᠤᠨ ᠲᠥᠷᠥᠯ᠂ ᠨᠠᠰᠤ᠂ ᠦᠢᠯᠡᠳᠪᠥᠷᠢᠯᠡᠯ ᠤᠨ ᠴᠢᠳᠠᠪᠤᠷᠢ᠂ ᠲᠡᠵᠢᠭᠡᠯ ᠪᠤᠷᠳᠤᠭᠠᠨ ᠤ ᠪᠥᠷᠢᠯᠳᠥᠭᠦᠨ᠂ ᠭᠠᠳᠠᠭᠠᠳᠤ ᠤᠷᠴᠢᠨ ᠤ ᠠᠭᠤᠷ ᠠᠮᠢᠰᠬᠤᠯ ᠵᠡᠷᠭᠡ ᠠᠳᠠᠯᠢ ᠪᠤᠰᠤ ᠨᠥᠬᠦᠴᠡᠯ ᠠᠴᠠ ᠪᠤᠯᠵᠤ᠂ ᠡᠯ᠎ᠡ ᠲᠥᠷᠥᠯ ᠤᠨ ᠮᠠᠯ ᠤᠨ ᠤᠰᠤ ᠬᠡᠷᠡᠭᠰᠡᠬᠦ ᠬᠡᠮᠵᠢᠶ᠎ᠡ ᠶᠡᠭᠡ ᠵᠥᠷᠢᠶ᠎ᠡ ᠲᠠᠢ ᠪᠠᠶᠢᠳᠠᠭ᠃ ᠨᠢᠯᠬ᠎ᠠ ᠮᠠᠯ ᠤᠨ ᠤᠰᠤ ᠬᠡᠷᠡᠭᠰᠡᠬᠦ ᠬᠡᠮᠵᠢᠶ᠎ᠡ ᠎ ᠨᠢ ᠨᠠᠰᠤ ᠭᠦᠢᠴᠡᠭᠰᠡᠨ ᠮᠠᠯ ᠠᠴᠠ ᠢᠯᠡᠭᠦᠦ᠂ ᠰᠥ ᠱᠥᠭᠦᠷᠡᠭᠦᠯᠬᠦ ᠮᠠᠯ ᠤᠨ ᠬᠢᠨᠢ ᠲᠠᠷᠭᠤᠯᠠᠭᠤᠯᠬᠤ ᠮᠠᠯ ᠠᠴᠠ ᠢᠯᠡᠭᠦᠦ᠂ ᠬᠦᠨᠳᠦ ᠡᠳ᠋ᠯᠡᠭᠡᠨ ᠤ ᠮᠠᠯ ᠤᠨ ᠬᠢᠨᠢ ᠬᠥᠩᠭᠡᠨ ᠡᠳ᠋ᠯᠡᠭᠡᠨ ᠤ ᠮᠠᠯ ᠠᠴᠠ ᠢᠯᠡᠭᠦᠦ ᠪᠠᠶᠢᠳᠠᠭ᠃ ᠲᠡᠵᠢᠭᠡᠯ ᠪᠤᠷᠳᠤᠭᠠᠨ ᠤ ᠲᠤᠳᠤᠷ᠎ᠠ ᠪᠥᠳᠥᠭᠦᠯᠢᠭ ᠪᠤᠷᠳᠤᠭ᠎ᠠ ᠪᠠ ᠤᠭᠤᠷᠠᠭᠳᠤ ᠪᠤᠷᠳᠤᠭ᠎ᠠ ᠶᠢᠨ ᠬᠠᠷᠢᠴᠠᠯ ᠨᠢ ᠢᠯᠡᠭᠦᠦ ᠪᠠᠶᠢᠪᠠᠯ ᠮᠠᠯ ᠤᠨ ᠤᠰᠤ ᠬᠡᠷᠡᠭᠰᠡᠬᠦ ᠬᠡᠮᠵᠢᠶ᠎ᠡ ᠨᠢ ᠪᠠᠰᠠ ᠢᠯᠡᠭᠦᠦ ᠪᠤᠯᠳᠠᠭ᠂ ᠵᠤᠨ ᠤ ᠤᠯᠠᠷᠢᠯ ᠳᠤ ᠮᠠᠯ ᠤᠨ ᠤᠰᠤ ᠬᠡᠷᠡᠭᠰᠡᠬᠦ ᠬᠡᠮᠵᠢᠶ᠎ᠡ ᠨᠢ ᠡᠪᠦᠯ ᠤᠨ ᠤᠯᠠᠷᠢᠯ ᠠᠴᠠ ᠢᠯᠡᠭᠦᠦ ᠪᠠᠶᠢᠳᠠᠭ᠃      ᠠᠮᠢᠳᠠᠨ ᠤ ᠤᠰᠤᠨ ᠤ ᠲᠡᠩᠴᠡᠭᠦᠷᠢ ᠶᠢᠨ ᠲᠤᠷᠰᠢᠯᠳᠠ ᠪᠠᠷ ᠳᠠᠮᠵᠢᠨ ᠤᠰᠤ ᠬᠡᠷᠡᠭᠰᠡᠬᠦ ᠬᠡᠮᠵᠢᠶ᠎ᠡ ᠶᠢ ᠪᠠᠷᠤᠭᠴᠠᠭᠠᠯᠠᠬᠤ ᠨᠡᠯᠢᠶᠡᠳ ᠲᠤᠬᠢᠷᠠᠮᠵᠢᠳᠠᠢ ᠠᠷᠭ᠎ᠠ ᠨᠢ ᠭᠡᠪᠡᠯ ᠳᠠᠷᠤᠢ ᠪᠡᠶ᠎ᠡ ᠶᠢᠨ ᠢᠯᠴᠢ ᠭᠠᠷᠬᠤ ᠬᠡᠮᠵᠢᠶ᠎ᠡ ᠪᠠᠷ ᠤᠯᠤᠨ᠎ᠠ᠃ ᠥᠭᠡᠷ᠎ᠡ ᠪᠠᠷ ᠬᠡᠯᠡᠪᠡᠯ᠂ ᠨᠢᠭᠡ ᠺᠢᠯᠤᠺᠠᠯᠤᠷᠢ ᠢᠯᠴᠢ ᠭᠠᠷᠭᠠᠬᠤ ᠪᠦᠷᠢ ᠨᠢᠭᠡ ᠮᠢᠯᠢᠯᠢᠲᠷ ᠤᠰᠤ ᠬᠡᠷᠡᠭᠰᠡᠬᠦ ᠪᠠᠷ ᠪᠤᠳᠤᠨ᠎ᠠ᠃      ᠪᠤᠳᠠᠳᠠᠢ ᠦᠢᠯᠡᠳᠪᠦᠷᠢᠯᠡᠯ ᠤᠨ ᠦᠢᠯᠡᠳᠦᠯᠭᠡ ᠳᠤ ᠶᠡᠷᠦ ᠳᠡᠭᠡᠨ ᠮᠠᠯ ᠤᠨ ᠤᠰᠤ ᠬᠡᠷᠡᠭᠰᠡᠬᠦ ᠬᠡᠮᠵᠢᠶ᠎ᠡ ᠶᠢ ᠥᠷᠭᠦᠯᠵᠢ ᠢᠳᠡᠵᠤ ᠪᠠᠶᠢᠭ᠎ᠠ ᠪᠤᠷᠳᠤᠭᠠᠨ ᠤ ᠬᠠᠭᠤᠷᠠᠢ ᠪᠤᠳᠠᠰ ᠤᠨ ᠬᠡᠮᠵᠢᠶ᠎ᠡ ᠪᠠᠷ ᠨᠢ ᠪᠠᠷᠤᠭᠴᠠᠭᠠᠯᠠᠨ᠎ᠠ᠃      ᠡᠯ᠎ᠡ ᠲᠥᠷᠥᠯ ᠤᠨ ᠮᠠᠯ ᠵᠢᠭᠦᠷᠳᠡᠨ ᠤ ᠺᠢᠯᠤᠭ᠍ᠷᠠᠮ ᠪᠥᠷᠢ ᠪᠤᠷᠳᠤᠭᠠᠨ ᠤ ᠲᠤᠮᠳᠠᠴᠢ ᠪᠠᠷ ᠤᠰᠤ ᠬᠡᠷᠡᠭᠰᠡᠬᠦ ᠬᠡᠮᠵᠢᠶ᠎ᠡ ᠨᠢ᠄      ᠥᠬᠡᠷ 4—6 ᠺᠢᠯᠤᠭ᠍ᠷᠠᠮ      ᠬᠤᠨᠢ 2—3 ᠺᠢᠯᠤᠭ᠍ᠷᠠᠮ      ᠠᠳᠤᠭᠤ 2—3 ᠺᠢᠯᠤᠭ᠍ᠷᠠᠮ      ᠭᠠᠭ᠋ᠠᠢ 6—8 ᠺᠢᠯᠤᠭ᠍ᠷᠠᠮ      ᠡᠯ᠎ᠡ ᠲᠥᠷᠥᠯ ᠤᠨ ᠮᠠᠯ ᠤᠨ ᠡᠳᠥᠷ ᠪᠥᠷ ᠶᠢᠨ ᠬᠡᠷᠡᠭᠰᠡᠬᠦ ᠬᠡᠮᠵᠢᠶ᠎ᠡ ᠨᠢ᠄      ᠠᠳᠤᠭᠤ 35—40 ᠯᠢᠲᠷ      ᠥᠬᠡᠷ 40—50 ᠯᠢᠲᠷ      ᠬᠤᠨᠢ 4—5 ᠯᠢᠲᠷ      ᠭᠠᠭ᠋ᠠᠢ 10—15 ᠯᠢᠲᠷ        《 ᠲᠡᠵᠢᠭᠡᠯ ᠪᠤᠷᠳᠤᠭ᠎ᠠ ᠪᠤᠯᠤᠨ ᠠᠷᠠᠴᠢᠯᠠᠭ᠎ᠠ ᠶᠢᠨ ᠰᠤᠳᠤᠯᠤᠯ》ᠭᠡᠬᠦ ᠨᠤᠮ ᠠᠴᠠ ᠪᠠᠭᠤᠯᠭᠠᠪᠠ
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号