ᠬᠤᠨᠢᠨ ᠤ ᠴᠡᠴᠡᠭ ᠡᠪᠡᠳᠴᠢᠨ ᠤ ᠰᠡᠷᠭᠡᠶᠢᠯᠡᠯᠳᠡ ᠶᠢᠨ ᠲᠤᠬᠠᠢ
ᠨᠡᠶᠢᠲᠡᠯᠡᠭᠰᠡᠨ ᠴᠠᠭ᠄
2018-04-19
      ᠡᠩ ᠤᠨ ᠴᠠᠭ ᠤᠨ ᠠᠷᠠᠴᠢᠯᠠᠯᠳᠠ ᠬᠠᠮᠢᠶᠠᠷᠤᠯᠳᠠ ᠪᠠᠨ ᠴᠢᠩᠭᠠᠳᠬᠠᠨ ᠨᠠᠮᠤᠷ ᠤᠨ ᠲᠠᠷᠭᠤ ᠶᠢ ᠨᠢ ᠪᠠᠳᠤᠯᠠᠵᠤ᠂ ᠤᠨᠴᠠᠭᠠᠶᠢᠯᠠᠨ ᠡᠪᠤᠯ ᠬᠠᠪᠤᠷ ᠤᠨ ᠤᠯᠠᠷᠢᠯ ᠳᠤ ᠡᠪᠡᠰᠤ ᠪᠤᠷᠳᠤᠭ᠎ᠠ ᠦᠭᠬᠦ ᠶᠢ ᠨᠢ ᠲᠤᠬᠢᠷᠠᠭᠤᠯᠵᠤ᠂ ᠡᠪᠤᠯ ᠤᠨ ᠬᠠᠬᠢᠷ ᠬᠦᠢᠳᠡᠨ ᠠᠴᠠ ᠬᠠᠮᠠᠭᠠᠯᠠᠨ ᠰᠡᠷᠭᠡᠶᠢᠯᠡᠬᠦ ᠬᠡᠷᠡᠭᠳᠡᠢ᠃      ᠬᠤᠨᠢᠨ ᠤ ᠴᠡᠴᠡᠭ ᠡᠪᠡᠳᠴᠢᠨ ᠥᠷᠭᠦᠯᠵᠢ ᠡᠭᠦᠰᠳᠡᠭ ᠭᠠᠵᠠᠷ ᠤᠷᠤᠨ ᠤ ᠬᠤᠨᠢᠨ ᠰᠥᠷᠥᠭ ᠲᠤ ᠵᠢᠯ ᠪᠥᠷᠢ ᠲᠤᠭᠳᠠᠭᠰᠠᠨ ᠬᠤᠭᠤᠴᠠᠭ᠎ᠠ ᠲᠠᠢ ᠰᠡᠷᠭᠡᠶᠢᠯᠡᠬᠦ ᠲᠠᠷᠢᠯᠭ᠎ᠠ ᠬᠢᠵᠦ᠂ ᠨᠢᠭᠡᠨᠳᠡ ᠡᠪᠡᠳᠴᠢᠨ ᠡᠭᠦᠰᠥᠭᠰᠡᠨ ᠪᠠᠶᠢᠪᠠᠯ ᠡᠪᠡᠳᠴᠢᠯᠡᠭᠰᠡᠨ ᠬᠤᠨᠢ ᠶᠢ ᠲᠤᠰᠠᠭᠠᠷᠯᠠᠨ ᠰᠠᠯᠭᠠᠵᠤ᠂ ᠡᠪᠡᠳᠴᠢᠯᠡᠭᠡᠳᠦᠢ ᠬᠤᠨᠢ ᠪᠤᠶᠤ ᠤᠶᠢᠷ᠎ᠠ ᠬᠠᠪᠢ ᠶᠢᠨ ᠬᠢᠵᠢᠭ ᠎ ᠤᠨ ᠰᠦᠷᠳᠡᠭᠦᠯᠥᠯ ᠳᠤ ᠤᠴᠠᠷᠠᠵᠤ ᠮᠡᠳᠡᠬᠦ ᠬᠤᠨᠢᠨ ᠰᠥᠷᠥᠭ ᠲᠤ ᠲᠠᠬᠢᠶᠠᠨ ᠬᠦᠪᠥᠷᠡᠯ ᠢᠶᠠᠷ ᠬᠤᠤᠷ ᠰᠤᠯᠠᠷᠠᠭᠤᠯᠤᠭᠰᠠᠨ ᠬᠤᠨᠢᠨ ᠤ ᠴᠡᠴᠡᠭ ᠤᠨ ᠸᠠᠺᠽᠢᠨ ᠢᠶᠠᠷ ᠪᠠᠴᠢᠮ ᠲᠠᠷᠢᠯᠭ᠎ᠠ ᠬᠢᠬᠦ ᠬᠡᠷᠡᠭᠳᠡᠢ᠃ ᠬᠤᠨᠢᠨ ᠤ ᠪᠥᠳᠥᠭᠦᠨ ᠪᠠᠭ᠎ᠠ ᠶᠢ ᠬᠠᠮᠢᠶᠠᠷᠤᠯ ᠦᠭᠡᠢ ᠴᠥᠮ ᠰᠡᠭᠦᠯ ᠤᠨ ᠬᠡᠰᠡᠭ ᠪᠤᠶᠤ ᠴᠠᠪᠢᠨ ᠤ ᠬᠢᠨᠢ ᠲᠤᠳᠤᠷ᠎ᠠ ᠲᠠᠯ᠎ᠠ ᠶᠢᠨ ᠠᠷᠠᠰᠤᠨ ᠳᠤᠤᠷ᠎ᠠ ᠨᠢ 0.5ml ᠸᠠᠺᠽᠢᠨ ᠲᠠᠷᠢᠨ᠎ᠠ᠃ ᠲᠠᠷᠢᠯᠭ᠎ᠠ ᠬᠢᠭᠰᠡᠨ ᠤ ᠰᠡᠭᠦᠯᠡᠷ 4~6 ᠡᠳᠥᠷ ᠲᠤ ᠨᠠᠶᠢᠳᠠᠪᠤᠷᠢᠳᠠᠢ ᠡᠭᠡᠭᠡᠯᠯᠡᠪᠥᠷᠢ ᠶᠢᠨ ᠭᠥᠴᠥᠨ ᠡᠭᠦᠰᠬᠦ ᠮᠥᠷᠳᠡᠭᠡᠨ ᠡᠭᠡᠭᠡᠯᠯᠡᠪᠥᠷᠢ ᠶᠢᠨ ᠬᠤᠭᠤᠴᠠᠭ᠎ᠠ ᠨᠢ ᠨᠢᠭᠡ ᠵᠢᠯ ᠥᠷᠭᠦᠯᠵᠢᠯᠡᠨ᠎ᠡ᠃ ᠡᠪᠡᠳᠴᠢᠯᠡᠭᠰᠡᠨ ᠬᠤᠨᠢ ᠶᠢ ᠲᠤᠰᠠᠭᠠᠷᠯᠠᠵᠤ᠂ ᠪᠢᠳᠡᠭᠦᠮᠵᠢᠯᠡᠬᠦ ᠪᠠ ᠠᠷᠢᠭᠤᠳᠬᠠᠯ ᠬᠢᠨ᠎ᠡ᠃ ᠡᠪᠡᠳᠴᠢᠯᠡᠭᠡᠳ ᠥᠬᠦᠭᠰᠡᠨ ᠬᠤᠨᠢᠨ ᠤ ᠬᠡᠭᠦᠷ ᠢ ᠭᠥᠨ ᠪᠤᠯᠠᠪᠠᠯ ᠵᠤᠬᠢᠨ᠎ᠠ᠃ ᠬᠡᠷᠪᠡ ᠠᠷᠠᠰᠤ ᠶᠢ ᠨᠢ ᠥᠪᠴᠢᠵᠤ ᠬᠡᠷᠡᠭᠯᠡᠪᠡᠯ ᠠᠷᠢᠭᠤᠳᠬᠠᠯ ᠬᠢᠵᠤ ᠬᠢᠵᠢᠭ ᠰᠡᠷᠭᠡᠶᠢᠯᠡᠬᠦ ᠠᠷᠭ᠎ᠠ ᠠᠪᠴᠢᠯ ᠢ ᠠᠩᠬᠠᠷᠴᠤ᠂ ᠸᠢᠷᠥ᠋ᠰ ᠥᠷᠭᠡᠵᠢᠨ ᠲᠠᠷᠬᠠᠬᠤ ᠶᠢ ᠰᠡᠷᠭᠡᠶᠢᠯᠡᠬᠦ ᠬᠡᠷᠡᠭᠳᠡᠢ᠃      ᠲᠤᠰ ᠡᠪᠡᠳᠴᠢᠨ ᠢ ᠲᠤᠰᠬᠠᠶᠢᠯᠠᠨ ᠵᠠᠰᠠᠬᠤ ᠡᠮ ᠦᠭᠡᠢ ᠪᠤᠯᠬᠤᠷ ᠥᠷᠭᠦᠯᠵᠢ ᠰᠢᠨᠵᠢ ᠲᠡᠮᠳᠡᠭ ᠲᠤᠨᠢ ᠲᠤᠬᠢᠷᠠᠭᠤᠯᠵᠤ ᠶᠡᠷᠦᠩᠬᠡᠶᠢᠯᠡᠨ ᠵᠠᠰᠠᠬᠤ ᠠᠷᠭ᠎ᠠ ᠬᠡᠷᠡᠭᠯᠡᠳᠡᠭ᠃ ᠴᠡᠴᠡᠭ ᠤᠨ ᠪᠢᠵᠢᠷᠠᠤ ᠡᠭᠦᠰᠦᠭᠰᠡᠨ ᠤ ᠰᠡᠭᠦᠯᠡᠷ ᠪᠢᠵᠢᠷᠠᠤ ᠲᠠᠢ ᠬᠡᠰᠡᠭ ᠲᠤᠨᠢ 0.1%᠎ ᠶᠢᠨ ᠳᠡᠭᠡᠳᠤ ᠮᠠᠩᠭᠠᠨ ᠭᠦᠴᠢᠯ ᠤᠨ ᠺᠠᠯᠢ ᠶᠢᠨ ᠠᠭᠤᠰᠤᠮᠠᠯ ᠢᠶᠠᠷ ᠤᠬᠢᠶᠠᠯᠭ᠎ᠠ ᠬᠢᠵᠤ᠂ ᠵᠥᠯᠭᠦᠵᠦ ᠬᠠᠳᠠᠭᠠᠭᠰᠠᠨ ᠤ ᠳᠠᠷᠠᠭ᠎ᠠ ᠪᠤᠷᠤ ᠤᠰᠤᠨ ᠡᠮ ᠪᠤᠶᠤ ᠢᠤᠳ᠋ᠳᠤ ᠭᠯᠢᠽᠧᠷᠢᠨ ᠲᠥᠷᠬᠢᠨ᠎ᠡ᠃ ᠡᠷᠡᠭᠦᠯᠵᠢᠭᠰᠡᠨ ᠬᠤᠨᠢᠨ ᠤ ᠴᠢᠰᠤᠨ ᠴᠠᠶᠢᠪᠠᠩ ᠨᠢ ᠨᠡᠯᠢᠶᠡᠳ ᠰᠠᠶᠢᠨ ᠰᠡᠷᠭᠡᠶᠢᠯᠡᠨ ᠵᠠᠰᠠᠬᠤ ᠦᠢᠯᠡᠳᠦᠯ ᠲᠠᠢ ᠪᠠᠶᠢᠵᠤ᠂ ᠤᠷᠢᠳᠴᠢᠯᠠᠨ ᠰᠡᠷᠭᠡᠶᠢᠯᠡᠬᠦ ᠲᠠᠷᠢᠯᠭ᠎ᠠ ᠬᠢᠬᠦ ᠳᠤ ᠨᠠᠰᠤ ᠭᠦᠢᠴᠡᠭᠰᠡᠨ ᠬᠤᠨᠢᠨ ᠳᠤ 5~10ml᠂ ᠬᠤᠷᠠᠭ᠎ᠠ ᠳᠤ 2.5~5ml᠎ ᠤᠨ ᠬᠡᠮᠵᠢᠶ᠎ᠡ ᠪᠠᠷ ᠲᠠᠷᠢᠯᠭ᠎ᠠ ᠬᠢᠵᠤ᠂ ᠡᠮᠴᠢᠯᠡᠨ ᠵᠠᠰᠠᠬᠤ ᠲᠠᠷᠢᠯᠭ᠎ᠠ ᠬᠢᠬᠦ ᠭᠡᠪᠡᠯ ᠬᠡᠮᠵᠢᠶ᠎ᠡ ᠶᠢ ᠨᠢ ᠨᠢᠭᠡ ᠲᠠᠬᠢᠨ ᠢᠶᠠᠷ ᠨᠡᠮᠡᠭᠳᠡᠭᠦᠯᠵᠤ ᠠᠷᠠᠰᠤᠨ ᠳᠤᠤᠷ᠎ᠠ ᠨᠢ ᠲᠠᠷᠢᠨ᠎ᠠ᠃ ᠬᠡᠷᠪᠡ ᠨᠢᠭᠡᠨᠳᠡ ᠢᠳᠡᠭᠡᠳᠤ ᠴᠥᠪᠥᠷᠢᠭᠦᠦ ᠪᠤᠯᠤᠭᠰᠠᠨ ᠪᠤᠯ ᠬᠡᠮᠵᠢᠶ᠎ᠡ ᠶᠢ ᠨᠢ ᠪᠠᠰᠠ ᠶᠡᠬᠡᠰᠬᠡᠵᠤ ᠪᠤᠯᠤᠨ᠎ᠠ᠃ ᠬᠡᠷᠪᠡ ᠡᠭᠡᠭᠡᠯᠯᠡᠪᠥᠷᠢ ᠶᠢᠨ ᠴᠢᠰᠤᠨ ᠴᠠᠶᠢᠪᠠᠩ ᠬᠡᠷᠡᠭᠯᠡᠪᠡᠯ ᠥᠷ᠎ᠡ ᠪᠥᠳᠥᠮᠵᠢ ᠨᠢ ᠤᠯᠠᠮ ᠰᠠᠶᠢᠨ ᠪᠠᠶᠢᠳᠠᠭ᠃ ᠪᠠᠺᠲ᠋ᠧᠷᠢ ᠡᠰᠡᠷᠭᠦᠴᠡᠬᠦ ᠡᠮ ᠨᠢ ᠴᠡᠴᠡᠭ ᠡᠪᠡᠳᠴᠢᠨ ᠳᠤ ᠦᠢᠯᠡᠳᠦᠯ ᠦᠭᠡᠢ᠂ ᠭᠡᠪᠡᠴᠤ ᠥᠷᠭᠦᠯᠵᠢᠯᠡᠨ ᠬᠤᠶᠠᠳᠠᠭᠴᠢ ᠴᠢᠨᠠᠷᠳᠠᠢ ᠬᠠᠯᠳᠠᠪᠤᠷᠢ ᠡᠭᠦᠰᠬᠦ ᠎ ᠶᠢ ᠰᠡᠷᠭᠡᠶᠢᠯᠡᠵᠤ ᠳᠡᠶᠢᠯᠬᠦ ᠪᠤᠯᠬᠤᠷ ᠪᠤᠳᠠᠳᠠᠢ ᠪᠠᠶᠢᠳᠠᠯ ᠢᠶᠠᠨ ᠥᠨᠳᠥᠰᠥᠯᠡᠵᠤ ᠵᠤᠬᠢᠰᠳᠠᠢ ᠬᠡᠷᠡᠭᠯᠡᠵᠤ ᠪᠤᠯᠤᠨ᠎ᠠ᠃               《 ᠮᠠᠯ ᠤᠨ ᠬᠠᠯᠳᠠᠪᠤᠷᠢᠳᠤ ᠡᠪᠡᠳᠴᠢᠨ ᠤ ᠤᠬᠠᠭᠠᠨ》ᠭᠡᠬᠦ ᠨᠤᠮ ᠠᠴᠠ ᠪᠠᠭᠤᠯᠭᠠᠪᠠ
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号