ᠪᠷᠥ᠋ᠼᠧᠯ ᠡᠪᠡᠳᠴᠢᠨ ᠢ ᠰᠡᠷᠭᠡᠶᠢᠯᠡᠨ ᠡᠮᠨᠡᠬᠦ ᠲᠤᠬᠠᠢ
ᠨᠡᠶᠢᠲᠡᠯᠡᠭᠰᠡᠨ ᠴᠠᠭ᠄
2018-04-19
      ︽ᠰᠡᠷᠭᠡᠶᠢᠯᠡᠬᠦ ᠪᠠᠷ ᠭᠤᠤᠯ ᠪᠤᠯᠭᠠᠬᠤ︾ ᠴᠢᠭᠯᠡᠯᠳᠡ ᠶᠢ ᠪᠠᠷᠢᠮᠳᠠᠯᠠᠵᠤ᠂ ᠮᠠᠯ ᠳᠤ ᠡᠭᠡᠭᠡᠯᠯᠡᠪᠥᠷᠢ ᠬᠢᠬᠦ ᠪᠠᠷ ᠭᠤᠤᠯ ᠪᠤᠯᠭᠠᠵᠤ ᠶᠡᠷᠤᠩᠬᠡᠶᠢᠯᠡᠨ ᠰᠡᠷᠭᠡᠶᠢᠯᠡᠨ ᠡᠮᠨᠡᠬᠦ ᠶᠢ ᠨᠠᠷᠢᠨ ᠬᠢᠨᠠᠮᠠᠭᠠᠢ ᠲᠤᠤᠱᠯᠠᠭᠤᠯᠵᠤ᠂ ᠪᠷᠥ᠋ᠼᠧᠯ ᠡᠪᠡᠳᠴᠢᠨ ᠎ ᠢ ᠬᠢᠵᠠᠭᠠᠷᠯᠠᠬᠤ ᠪᠠ ᠤᠰᠠᠳᠬᠠᠬᠤ ᠬᠡᠷᠡᠭᠲᠡᠢ᠃      1᠂ ᠲᠤᠭᠳᠠᠭᠰᠠᠨ ᠬᠤᠭᠤᠴᠠᠭ᠎ᠠ ᠲᠠᠢ ᠪᠠᠷ ᠬᠢᠵᠢᠭ ᠪᠠᠶᠢᠴᠠᠭᠠᠬᠤ      ① ᠬᠢᠵᠢᠭᠲᠦ ᠤᠷᠤᠨ ᠳᠤ ᠵᠢᠯ ᠪᠥᠷᠢ ᠲᠤᠭᠳᠠᠭᠰᠠᠨ ᠬᠤᠭᠤᠴᠠᠭ᠎ᠠ ᠲᠠᠢ ᠪᠠᠷ ᠬᠤᠶᠠᠷ ᠤᠳᠠᠭ᠎ᠠ ᠬᠢᠵᠢᠭ ᠪᠠᠶᠢᠴᠠᠭᠠᠬᠤ ᠬᠡᠷᠡᠭᠳᠡᠢ ︵ᠲᠥᠯᠯᠡᠭᠰᠡᠨ ᠤ ᠳᠠᠷᠠᠭ᠎ᠠ ᠬᠡᠭᠡᠯᠳᠥᠭᠦᠯᠭᠡ ᠬᠢᠭᠰᠡᠨ ᠤ ᠳᠠᠷᠠᠭ᠎ᠠ︶᠂ ᠥᠬᠡᠷ ᠭᠠᠭ᠋ᠠᠢ ᠳᠤ ᠡᠭᠡᠳᠡᠷᠡᠬᠦ ᠤᠷᠪᠠᠯ᠂ ᠬᠤᠨᠢ ᠢᠮᠠᠭ᠎ᠠ ᠳᠤ ᠬᠡᠳᠦ ᠰᠤᠷᠭᠤᠭᠵᠢᠯ ᠤᠷᠪᠠᠯ ᠢ ᠬᠡᠷᠡᠭᠯᠡᠨ᠎ᠡ᠃      ② ᠪᠠᠶᠢᠴᠠᠭᠠᠵᠤ ᠭᠠᠷᠭᠠᠭᠰᠠᠨ ᠢᠶᠠᠨ ᠴᠢᠩᠭ᠎ᠠ ᠳᠤᠰᠭᠠᠷᠯᠠᠵᠤ᠂ ᠲᠤᠭᠳᠠᠭᠰᠠᠨ ᠭᠠᠵᠠᠷ ᠲᠤ ᠪᠡᠯᠴᠢᠭᠡᠷᠯᠡᠭᠦᠯᠥᠨ᠎ᠡ᠃      ③ ᠬᠢᠵᠢᠭ ᠤᠨ ᠪᠠᠶᠢᠴᠠᠭᠠᠯᠳᠠ ᠳᠤ ᠪᠢᠯᠢᠭ ᠴᠢᠨᠠᠷᠲᠠᠢ ᠳᠤᠨᠢ ᠲᠤᠭᠳᠠᠭᠰᠠᠨ ᠬᠤᠭᠤᠴᠠᠭ᠎ᠠ ᠲᠠᠢ ᠤᠷᠢᠳᠴᠢᠯᠠᠨ ᠰᠡᠷᠭᠡᠶᠢᠯᠡᠬᠦ ᠲᠠᠷᠢᠯᠭ᠎ᠠ ᠲᠠᠷᠢᠨ᠎ᠠ᠃      ④ ᠥᠪᠡᠷᠳᠡᠭᠡᠨ ᠥᠷᠡᠵᠢᠭᠦᠯᠵᠤ ᠲᠡᠵᠢᠭᠡᠨ᠎ᠡ᠃      ⑤ ᠥᠷᠡᠵᠢᠯ ᠤᠨ ᠪᠤᠬ᠎ᠠ ᠳᠤ ᠬᠢᠵᠢᠭ ᠤᠨ ᠪᠠᠶᠢᠴᠠᠭᠠᠯᠳᠠ ᠬᠢᠵᠤ᠂ ᠡᠷᠡᠭᠦᠯ ᠪᠤᠬ᠎ᠠ ᠪᠠᠷ ᠬᠡᠭᠡᠯᠳᠥᠭᠦᠯᠭᠡ ᠬᠢᠨ᠎ᠡ᠃      2᠂ ᠲᠤᠭᠳᠠᠭᠰᠠᠨ ᠬᠤᠭᠤᠴᠠᠭ᠎ᠠ ᠲᠠᠢ ᠪᠠᠷ ᠤᠷᠢᠳᠴᠢᠯᠠᠨ ᠰᠡᠷᠭᠡᠶᠢᠯᠡᠯᠳᠡ ᠶᠢᠨ ᠲᠠᠷᠢᠯᠭ᠎ᠠ ᠲᠠᠷᠢᠬᠤ      ① ᠭᠠᠭ᠋ᠠᠢ ᠶᠢᠨ ᠬᠤᠶᠠᠳᠤᠭᠠᠷ ᠨᠤᠮᠧᠷᠳᠤ ᠸᠠᠺᠽᠢᠨ᠄ ᠭᠠᠭ᠋ᠠᠢ ᠶᠢᠨ ᠲᠥᠷᠥᠯ ᠤᠨ ᠠᠮᠢᠳᠤ ᠪᠤᠳᠠᠰ ᠤᠨ I ᠬᠡᠯᠪᠡᠷᠢᠳᠤ ᠰᠤᠩᠭᠤᠳᠠᠭ ᠬᠡᠯᠪᠡᠷᠢ ᠶᠢᠨ ᠪᠠᠺᠲ᠋ᠧᠷᠢ ᠶᠢᠨ ᠰᠠᠭᠤᠷᠢ ᠪᠠᠷ ᠬᠢᠭᠰᠡᠨ ᠸᠠᠺᠽᠢᠨ᠃ ᠤᠯᠠᠨ ᠲᠥᠷᠥᠯ ᠤᠨ ᠵᠠᠮ ᠢᠶᠠᠷ ᠡᠭᠡᠭᠡᠯᠯᠡᠪᠥᠷᠢᠯᠡᠵᠤ ᠪᠤᠯᠳᠠᠭ ︵ᠲᠠᠷᠢᠬᠤ᠂ ᠤᠰᠤᠯᠠᠬᠤ᠂ ᠠᠮᠢᠰᠬᠤᠬᠤ᠂ ᠲᠡᠵᠢᠭᠡᠬᠦ︶᠂ ᠬᠤᠨᠢ ᠢᠮᠠᠭᠠᠨ ᠤ ᠬᠠᠮᠠᠭᠠᠯᠠᠯᠳᠠ ᠶᠢᠨ ᠬᠤᠭᠤᠴᠠᠭ᠎ᠠ 4~5 ᠵᠢᠯ ᠪᠠᠶᠢᠵᠤ᠂ ᠥᠨᠳᠥᠰᠥᠨ ᠳᠡᠭᠡᠨ ᠬᠤᠤᠷᠳᠤ ᠤᠷᠪᠠᠯ ᠥᠭᠡᠢ ᠶᠤᠮ᠃ ᠬᠥᠮᠥᠨ ᠳᠤ ᠬᠥᠩᠭᠡᠨ ᠬᠤᠤᠷᠳᠤ ᠴᠢᠨᠠᠷ ᠲᠠᠢ᠂ ᠬᠡᠭᠡᠯ ᠲᠠᠢ ᠮᠠᠯ ᠪᠠ ᠲᠠᠯᠳᠠ ᠴᠢᠨᠠᠷᠳᠤ ᠮᠠᠯ ᠳᠤ ᠠᠶᠤᠯ ᠥᠭᠡᠢ ᠪᠠᠶᠢᠳᠠᠭ᠃ ᠪᠠᠰᠠ ᠪᠠᠴᠢᠮ ᠤᠷᠢᠳᠴᠢᠯᠠᠨ ᠰᠡᠷᠭᠡᠶᠢᠯᠡᠯᠳᠡ ᠶᠢᠨ ᠲᠠᠷᠢᠯᠭ᠎ᠠ ᠳᠤ ᠬᠡᠷᠡᠭᠯᠡᠵᠤ ᠪᠤᠯᠤᠨ᠎ᠠ᠃      ② ᠬᠤᠨᠢ ᠢᠮᠠᠭᠠᠨ ᠤ ᠲᠠᠪᠤᠳᠤᠭᠠᠷ ᠨᠤᠮᠧᠷᠳᠤ ᠸᠠᠺᠽᠢᠨ᠄ ᠬᠠᠷᠪᠢᠨ ᠤ ᠮᠠᠯ ᠡᠮᠨᠡᠯᠭᠡ ᠤᠨ ᠰᠤᠳᠤᠯᠬᠤ ᠭᠠᠵᠠᠷ ᠰᠤᠳᠤᠯᠤᠨ ᠪᠤᠶᠢᠵᠢᠭᠤᠯᠪᠠ᠃ ᠠᠭᠤᠷ ᠪᠤᠶᠤ ᠲᠠᠷᠢᠯᠭ᠎ᠠ ᠪᠠᠷ ᠪᠥᠷ ᠡᠭᠡᠭᠡᠯᠯᠡᠪᠥᠷᠢᠯᠡᠵᠤ ᠪᠤᠯᠤᠨ᠎ᠠ᠃ ᠥᠬᠡᠷ᠂ ᠬᠤᠨᠢ ᠢᠮᠠᠭ᠎ᠠ ᠳᠤ ᠲᠤᠬᠢᠷᠠᠮᠵᠢᠳᠠᠢ᠂ ᠭᠠᠭ᠋ᠠᠢ ᠳᠤ ᠦᠢᠯᠡᠳᠤᠯ ᠦᠭᠡᠢ᠃ ᠡᠭᠡᠭᠡᠯᠯᠡᠪᠥᠷᠢᠯᠡᠯᠳᠡ ᠶᠢᠨ ᠬᠤᠭᠤᠴᠠᠭ᠎ᠠ ᠨᠢ ᠥᠬᠡᠷ ᠲᠤ 1 ᠵᠢᠯ᠂ ᠬᠤᠨᠢ ᠢᠮᠠᠭ᠎ᠠ ᠳᠤ 2 ᠵᠢᠯ  ᠂ ᠬᠡᠭᠡᠯ ᠲᠠᠢ ᠮᠠᠯ ᠪᠠ ᠪᠠᠭᠤᠷᠠᠢ ᠮᠠᠯ ᠳᠤ ᠬᠡᠷᠡᠭᠯᠡᠵᠤ ᠪᠤᠯᠬᠤ ᠦᠭᠡᠢ ᠶᠤᠮ᠃      ③19 ᠨᠤᠮᠧᠷᠳᠤ ᠸᠠᠺᠽᠢᠨ᠄ ᠡᠨᠡ ᠬᠦ ᠸᠠᠺᠽᠢᠨ ︵ᠭᠠᠳᠠᠭᠠᠳᠤ ᠤᠯᠤᠰ ᠤᠨ ᠦᠢᠯᠡᠳᠪᠥᠷᠢᠯᠡᠭᠰᠡᠨ︶᠎ ᠢ ᠭᠠᠭᠴᠠ ᠬᠦ ᠥᠬᠡᠷ᠂ ᠬᠤᠨᠢ ᠳᠤ ᠬᠡᠷᠡᠭᠯᠡᠨ᠎ᠡ᠃ 5 ᠰᠠᠷ᠎ᠠ ᠠᠴᠠ ᠲᠤᠷᠤᠭᠰᠢᠬᠢ ᠨᠢᠯᠬ᠎ᠠ ᠲᠤᠭᠤᠯ᠂ 4 ᠰᠠᠷ᠎ᠠ ᠠᠴᠠ ᠲᠤᠷᠤᠭᠰᠢᠬᠢ ᠨᠢᠯᠬ᠎ᠠ ᠬᠤᠷᠠᠭ᠎ᠠ᠂ ᠬᠡᠭᠡᠯ ᠲᠠᠢ ᠥᠨᠢᠶ᠎ᠡ ᠬᠤᠨᠢ ᠵᠢᠴᠢ ᠬᠥᠭᠰᠢᠷᠡᠭᠰᠡᠨ᠂ ᠪᠠᠭᠤᠷᠠᠢ ᠮᠠᠯ ᠳᠤ ᠬᠡᠷᠡᠭᠯᠡᠵᠤ ᠪᠤᠯᠬᠤ ᠦᠭᠡᠢ᠂ ᠥᠬᠡᠷ ᠤᠨ ᠡᠭᠡᠭᠡᠯᠯᠡᠪᠥᠷᠢ ᠶᠢᠨ ᠬᠤᠭᠤᠴᠠᠭ᠎ᠠ ᠨᠢ ᠨᠠᠰᠤᠨ ᠲᠤᠷᠰᠢ ᠪᠠᠶᠢᠳᠠᠭ᠃      ④pI ᠸᠠᠺᠽᠢᠨ᠄ ᠠᠨᠲ᠋ᠢᠭ᠍ᠸᠡ ᠤ ᠰᠢᠢᠳᠪᠥᠷᠢᠯᠡᠭᠴᠢ ᠪᠥᠯᠥᠭ ᠤᠨ ᠸᠠᠺᠽᠢᠨ ᠨᠢ ᠬᠢᠵᠢᠭ ᠪᠠᠶᠢᠴᠠᠭᠠᠯᠳᠠ ᠶᠢ ᠬᠠᠷᠰᠢᠯᠠᠬᠤ ᠦᠭᠡᠢ ᠶᠤᠮ᠃      3᠂ ᠴᠢᠩᠭ᠎ᠠ ᠠᠷᠢᠭᠤᠳᠬᠠᠬᠤ      ① ᠡᠩ ᠤᠨ ᠥᠶ᠎ᠡ ᠳᠤ ᠲᠤᠭᠳᠠᠭᠰᠠᠨ ᠬᠤᠭᠤᠴᠠᠭ᠎ᠠ ᠲᠠᠢ ᠪᠠᠷ ᠠᠷᠢᠭᠤᠳᠬᠠᠨ᠎ᠠ᠃      ② ᠡᠪᠡᠳᠴᠢᠨ ᠲᠠᠢ ᠦᠶ᠎ᠡ ᠳᠤᠨᠢ ᠦᠷᠭᠦᠯᠵᠢ ᠴᠠᠭ ᠲᠤᠬᠠᠢ ᠳᠤᠨᠢ ᠠᠷᠢᠭᠤᠳᠬᠠᠨ᠎ᠠ᠃      4᠂ ᠡᠷᠡᠭᠦᠯ ᠦᠬᠡᠷ ᠤᠨ ᠰᠥᠷᠥᠭ ᠪᠤᠶᠢᠵᠢᠭᠤᠯᠬᠤ      ᠡᠭᠡᠭᠡᠯᠯᠡᠪᠥᠷᠢ ᠶᠢᠨ ᠠᠮᠢᠳᠤ ᠪᠤᠳᠠᠰ ᠤᠨ ᠠᠷᠭ᠎ᠠ ᠪᠠᠷ ᠮᠠᠯ ᠰᠥᠷᠥᠭ ᠲᠤ ᠲᠠᠬᠢᠨ ᠲᠠᠪᠳᠠᠨ ᠪᠠᠶᠢᠴᠠᠭᠠᠯᠳᠠ ᠬᠢᠨ᠎ᠡ᠃ ᠬᠡᠷᠪᠡ ᠠᠷᠭ᠎ᠠ ᠴᠢᠨᠠᠷᠳᠠᠢ ᠮᠠᠯ ᠭᠠᠷᠪᠠᠯ ᠠᠷᠭ᠎ᠠ ᠴᠢᠨᠠᠷᠳᠠᠢ ᠮᠠᠯ ᠢ ᠲᠤᠰᠠᠭᠠᠷᠯᠠᠨ ᠲᠡᠵᠢᠭᠡᠵᠤ᠂ ᠪᠢᠯᠢᠭ ᠴᠢᠨᠠᠷᠳᠠᠢ ᠮᠠᠯ ᠢ ᠡᠷᠡᠭᠦᠯ ᠳᠤ ᠵᠢᠱᠢᠭᠳᠡᠭᠰᠡᠨ ᠰᠥᠷᠥᠭ ᠢᠶᠠᠷ ᠥᠵᠡᠵᠤ᠂ ᠥᠷᠭᠦᠯᠵᠢᠯᠡᠨ ᠲᠡᠵᠢᠭᠡᠵᠤ ᠪᠠᠶᠢᠴᠠᠭᠠᠨ᠎ᠠ᠃ ᠨᠢᠭᠡ ᠠᠴᠠ ᠳᠡᠭᠡᠭᠰᠢ ᠠᠷᠭ᠎ᠠ ᠴᠢᠨᠠᠷᠳᠠᠢ ᠮᠠᠯ ᠭᠠᠷᠬᠤ ᠦᠭᠡᠢ ︵ᠡᠬᠢᠨ ᠳᠡᠭᠡᠨ ᠰᠠᠷ᠎ᠠ ᠪᠥᠷᠢ ᠨᠢᠭᠡ ᠤᠳᠠᠭ᠎ᠠ ᠪᠠᠶᠢᠴᠠᠭᠠᠵᠤ᠂ 2~3ᠤᠳᠠᠭ᠎ᠠ ᠪᠠᠶᠢᠴᠠᠭᠠᠭᠰᠠᠨ ᠤ ᠲᠠᠷᠠᠭ᠎ᠠ 6 ᠰᠠᠷ᠎ᠠ ᠪᠥᠷᠢ ᠳᠤ ᠨᠢᠭᠡ ᠤᠳᠠᠭ᠎ᠠ ᠪᠠᠶᠢᠴᠠᠭᠠᠨ᠎ᠠ︶ ᠮᠥᠷᠳᠡᠭᠡᠨ ᠬᠡᠪ ᠤᠨ ᠥᠷᠡᠵᠢᠯᠳᠡ ᠲᠠᠢ ᠪᠤᠯ ᠡᠪᠡᠳᠴᠢᠨ ᠦᠭᠡᠢ ᠮᠠᠯ ᠰᠥᠷᠥᠭ ᠲᠤ ᠲᠤᠭᠠᠴᠠᠭᠳᠠᠨ᠎ᠠ᠃      ᠰᠥᠨ ᠤ ᠥᠨᠢᠶᠡᠨ ᠤ ᠲᠠᠯᠠᠪᠠᠢ ᠳᠤ ᠡᠬᠡ ᠮᠠᠯ ᠳᠤ ᠡᠷᠡᠭᠦᠯ ᠪᠤᠬ᠎ᠠ ᠶᠢᠨ ᠥᠷ᠎ᠡ ᠶᠢᠨ ᠰᠢᠩᠭᠡᠨ ᠢᠶᠠᠷ ᠭᠠᠷ ᠬᠡᠭᠡᠯᠳᠥᠭᠦᠯᠭᠡ ᠬᠢᠨ᠎ᠡ᠃ ᠡᠷᠡᠭᠦᠯ ᠲᠤᠭᠤᠯ ᠳᠤ ᠡᠬᠢᠨ ᠳᠡᠭᠡᠨ ᠡᠬᠡ ᠶᠢᠨ ᠬᠢᠨᠢ ᠰᠥ ᠶᠢ ᠭᠥᠭᠦᠭᠦᠯᠵᠤ᠂ 3~5 ᠡᠳᠥᠷ ᠤᠨ ᠲᠠᠷᠠᠭ᠎ᠠ ᠲᠤᠰᠠᠭᠠᠷᠯᠠᠭᠠᠳ ᠡᠷᠡᠭᠦᠯ ᠰᠥ ᠪᠠᠷ ᠲᠡᠵᠢᠭᠡᠨ᠎ᠡ᠃ 5 ᠰᠠᠷ᠎ᠠ ᠪᠤᠯᠤᠨ 9 ᠰᠠᠷ᠎ᠠ ᠪᠤᠯᠵᠤ ᠥᠰᠥᠭᠰᠡᠨ ᠤ ᠳᠠᠷᠠᠭ᠎ᠠ ᠬᠤᠶᠠᠷ ᠤᠳᠠᠭ᠎ᠠ ᠬᠢᠵᠢᠭ ᠤᠨ ᠪᠠᠶᠢᠴᠠᠭᠠᠯᠳᠠ ᠬᠢᠨ᠎ᠡ᠃ ᠲᠡᠭᠡᠭᠡᠳ ᠪᠢᠯᠢᠭ ᠴᠢᠨᠠᠷᠳᠠᠢ ᠶᠢ ᠨᠢ ᠡᠷᠡᠭᠦᠯ ᠦᠬᠡᠷ ᠤᠨ ᠰᠥᠷᠥᠭ ᠲᠤ ᠰᠤᠩᠭᠤᠵᠤ᠂ ᠠᠷᠭ᠎ᠠ ᠴᠢᠨᠠᠷᠳᠠᠢ ᠶᠢ ᠨᠢ ᠡᠪᠡᠳᠴᠢᠨ ᠲᠠᠢ ᠰᠥᠷᠥᠭ ᠲᠤ ᠨᠡᠶᠢᠯᠡᠭᠦᠯᠵᠤ ᠡᠮᠨᠡᠨ ᠵᠠᠰᠠᠨ᠎ᠠ᠃      5᠂ ᠡᠪᠡᠳᠴᠢᠨ ᠲᠠᠢ ᠮᠠᠯ ᠢ ᠰᠢᠢᠳᠪᠥᠷᠢᠯᠡᠬᠦ      ① ᠡᠪᠡᠳᠴᠢᠳᠠᠢ ᠮᠠᠯ ᠤᠯᠠᠨ ᠪᠢᠰᠢ ᠮᠥᠷᠳᠡᠭᠡᠨ ᠥᠨ᠎ᠡ ᠥᠷᠳᠡᠭ ᠨᠢ ᠥᠨᠳᠥᠷ ᠪᠢᠰᠢ ᠥᠶ᠎ᠡ ᠳᠤ ᠨᠢᠳᠥᠯᠵᠤ᠂ ᠮᠢᠬ᠎ᠠ ᠶᠢ ᠨᠢ ᠥᠨᠳᠥᠷ ᠲᠤᠯᠠᠭᠠᠨ ᠢᠶᠠᠷ ᠰᠢᠢᠳᠪᠥᠷᠢᠯᠡᠭᠰᠡᠨ ᠤ ᠳᠠᠷᠠᠭ᠎ᠠ ᠢᠳᠡᠰᠢᠨ ᠳᠤ ᠬᠡᠷᠡᠭᠯᠡᠨ᠎ᠡ᠃      ② ᠡᠪᠡᠳᠴᠢᠳᠡᠢ ᠮᠠᠯ ᠨᠢ ᠤᠯᠠᠨ ᠪᠢᠰᠢ᠂ ᠠᠵᠤ ᠠᠬᠤᠢ ᠶᠢᠨ ᠥᠨ᠎ᠡ ᠥᠷᠳᠡᠭ ᠨᠢ ᠥᠨᠳᠥᠷ ᠥᠶ᠎ᠡ ᠳᠤ ᠲᠤᠰᠠᠭᠠᠷᠯᠠᠵᠤ ᠡᠮᠨᠡᠨ ᠵᠠᠰᠠᠨ᠎ᠠ᠃ ᠠᠨᠲ᠋ᠢᠪᠢᠤᠲ᠋ᠢᠺ᠂ ᠬᠥᠬᠦᠷᠯᠢᠭ ᠠᠮᠢᠨ ᠤ ᠲᠥᠷᠥᠯ ᠤᠨ ᠡᠮ ᠢᠶᠠᠷ ᠡᠮᠨᠡᠨ ᠵᠠᠰᠠᠨ᠎ᠠ᠃ ᠪᠷᠥ᠋ᠼᠧᠯ ᠤᠨ ᠰᠠᠪᠬᠠᠨᠴᠢᠷ ᠪᠠᠺᠲ᠋ᠧᠷᠢ ᠨᠢ ᠡᠰ ᠤᠨ ᠲᠤᠳᠤᠷ᠎ᠠ ᠠᠮᠢᠳᠤᠷᠠᠵᠤ ᠪᠠᠶᠢᠬᠤ ᠲᠤᠯᠠ ᠬᠢᠮᠢ ᠶᠢᠨ ᠵᠠᠰᠠᠯᠭ᠎ᠠ ᠎ ᠨᠢ ᠠᠮᠠᠷᠬᠠᠨ ᠲᠤᠰᠠ ᠭᠠᠷᠳᠠᠭ ᠦᠭᠡᠢ ᠶᠤᠮ᠃      ᠰᠥᠨ ᠤ ᠥᠨᠢᠶᠡᠨ ᠤ ᠲᠠᠯᠠᠪᠠᠢ ᠳᠤ ᠡᠭᠡᠭᠡᠯᠯᠡᠪᠥᠷᠢ ᠬᠢᠬᠦ ᠦᠭᠡᠢ᠂ ᠬᠢᠵᠢᠭ ᠤᠨ ᠪᠠᠶᠢᠴᠠᠭᠠᠯᠳᠠ ᠪᠠᠷ ᠴᠡᠪᠡᠷᠵᠢᠭᠦᠯᠥᠨ᠎ᠡ᠃ ᠬᠤᠨᠢ ᠢᠮᠠᠭ᠎ᠠ ᠳᠤ ᠡᠭᠡᠭᠡᠯᠯᠡᠪᠥᠷᠢ ᠬᠢᠨ᠎ᠡ᠃ ᠭᠠᠭ᠋ᠠᠢ ᠳᠤ ᠬᠢᠵᠢᠭ ᠤᠨ ᠪᠠᠶᠢᠴᠠᠭᠠᠯᠳᠠ ᠬᠢᠭᠡᠳ ᠰᠢᠯᠢᠵᠤ ᠰᠤᠩᠭᠤᠭᠰᠠᠨ ᠤ ᠰᠡᠭᠦᠯᠡᠷ ᠡᠭᠡᠭᠡᠯᠯᠡᠪᠥᠷᠢ ᠬᠢᠨ᠎ᠡ᠃ ᠳᠡᠭᠡᠷ᠎ᠡ ᠲᠤᠷᠠᠳᠤᠭᠰᠠᠨ ᠨᠢ ᠪᠥᠷ ᠬᠢᠵᠢᠭ ᠤᠨ ᠪᠠᠶᠢᠴᠠᠭᠠᠯᠳᠠ ᠪᠠᠷ ᠭᠤᠤᠯ ᠪᠤᠯᠭᠠᠨ᠎ᠠ᠃      ᠤᠯᠠᠨ ᠨᠡᠶᠢᠳᠡ ᠶᠢᠨ ᠡᠷᠡᠭᠦᠯ ᠬᠠᠮᠠᠭᠠᠯᠠᠯ᠄ ᠬᠥᠮᠥᠨ ᠳᠤ ᠬᠠᠯᠳᠠᠪᠤᠷᠢᠯᠠᠨ᠎ᠠ᠃ ᠡᠨᠡ ᠨᠢ ᠡᠷᠬᠢᠯᠡᠭᠰᠡᠨ ᠠᠵᠢᠯ ᠎ ᠲᠠᠢ ᠨᠢ ᠬᠠᠮᠢᠶ᠎ᠠ ᠲᠠᠢ᠂ ᠮᠠᠯᠴᠢᠨ᠂ ᠮᠠᠯ ᠤᠨ ᠡᠮᠴᠢ᠂ ᠠᠯᠠᠵᠤ ᠨᠢᠳᠥᠯᠡᠬᠦ ᠠᠵᠢᠯᠴᠢᠨ ᠳᠤ ᠠᠮᠠᠷᠬᠠᠨ ᠬᠠᠯᠳᠠᠪᠤᠷᠢᠯᠠᠨ᠎ᠠ᠃ ᠭᠤᠤᠯ ᠢᠯᠡᠷᠡᠯ ᠭᠡᠪᠡᠯ ᠲᠤᠯᠬᠢᠶᠠᠯᠢᠭ ᠬᠠᠯᠠᠭᠤᠷᠠᠯ᠂ ᠬᠤᠯᠠᠭᠠᠢ ᠬᠥᠯᠥᠰᠥ ᠭᠠᠷᠬᠤ᠂ ᠥᠶ᠎ᠡ ᠭᠡᠰᠢᠭᠦᠥ ᠶᠢᠨ ᠥᠷᠪᠢᠰᠥᠯ ᠵᠡᠷᠭᠡ ᠪᠤᠯᠤᠨ᠎ᠠ᠃    《 ᠮᠠᠯ ᠤᠨ ᠬᠠᠯᠳᠠᠪᠤᠷᠢᠳᠤ ᠡᠪᠡᠳᠴᠢᠨ ᠤ ᠤᠬᠠᠭᠠᠨ》ᠭᠡᠬᠦ ᠨᠤᠮ ᠠᠴᠠ ᠪᠠᠭᠤᠯᠭᠠᠪᠠ
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号