ᠨᠢᠯᠬ᠎ᠠ ᠲᠥᠯ ᠤᠨ ᠰᠢᠩᠭᠡᠭᠡᠯᠳᠡ ᠶᠢᠨ ᠭᠡᠮ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2018-04-19
      ᠨᠢᠯᠬ᠎ᠠ ᠲᠥᠯ ᠤᠨ ᠰᠢᠩᠭᠡᠭᠡᠯᠳᠡ ᠶᠢᠨ ᠭᠡᠮ ᠪᠤᠯ ᠨᠢᠯᠬ᠎ᠠ ᠲᠥᠯ ᠡᠬᠡ ᠶᠢᠨ ᠰᠥ ᠪᠠᠨ ᠭᠥᠬᠦᠭᠰᠡᠨ ᠤ ᠳᠠᠷᠠᠭ᠎ᠠ ᠳᠠᠭᠠᠷᠠᠵᠤ ᠪᠡᠭᠡᠷᠡᠭᠰᠡᠨ ᠪᠤᠶᠤ ᠬᠦᠢᠳᠡᠨ ᠨᠤᠶᠢᠳᠠᠨ ᠭᠠᠵᠠᠷ ᠲᠤ ᠤᠳᠠᠭᠠᠨ ᠬᠡᠪᠳᠡᠭᠰᠡᠨ ᠠᠴᠠ ᠪᠤᠯᠵᠤ ᠡᠭᠦᠰᠳᠡᠭ᠃      ᠰᠢᠨᠵᠢ ᠪᠠᠶᠢᠳᠠᠯ᠄ ᠴᠠᠶᠢᠪᠳᠤᠷ ᠥᠩᠭᠡᠳᠡᠢ ᠪᠠᠷ ᠰᠢᠩᠭᠡᠨ ᠪᠠᠭᠠᠵᠤ᠂ ᠪᠠᠭᠠᠰᠤᠨ ᠲᠤᠳᠤᠷ᠎ᠠ ᠨᠢ ᠰᠥᠨ ᠤ ᠪᠥᠭᠡᠮᠨᠡᠷᠡᠯ ᠬᠠᠷᠠᠭᠳᠠᠳᠠᠭ᠃ ᠪᠠᠭᠠᠰᠤ ᠠᠯᠳᠠᠵᠤ ᠡᠬᠡ ᠪᠠᠨ ᠭᠦᠬᠦᠬᠦ ᠦᠭᠡᠢ ᠲᠠᠰᠤᠷᠠᠯᠳᠠ ᠦᠭᠡᠢ ᠮᠠᠶᠢᠯᠠᠵᠤ ᠪᠠᠶᠢᠪᠠᠯ ᠰᠢᠩᠭᠡᠭᠡᠯᠳᠡ ᠶᠢᠨ ᠭᠡᠮ ᠤᠨ ᠢᠯᠡᠷᠡᠯ ᠮᠥᠨ᠃      ᠡᠮᠴᠢᠯᠡᠨ ᠵᠠᠰᠠᠬᠤ ᠠᠷᠭ᠎ᠠ᠄ ᠭᠡᠮᠨᠡᠭᠰᠡᠨ ᠲᠥᠯ ᠢᠶᠠᠨ ᠳᠤᠯᠠᠭᠠᠨ ᠭᠠᠵᠠᠷ ᠬᠡᠪᠳᠡᠭᠦᠯᠵᠤ᠂ ᠢᠰᠬᠦᠯᠡᠩ ᠠᠭᠠᠷᠤᠤᠯ ᠱᠥᠭᠦᠷᠮᠡᠭ ᠢ ᠲᠠᠯᠬᠠᠳᠤᠵᠤ ᠪᠤᠴᠠᠯᠤᠭᠰᠠᠨ ᠤᠰᠤᠨ ᠳᠤ ᠵᠢᠭᠤᠷᠠᠵᠤ ᠢᠳᠡᠭᠦᠯᠥᠨ᠎ᠡ᠃ ᠠᠶᠢᠷᠠᠭ ᠤᠨ ᠰᠢᠷ᠎ᠠ ᠲᠤᠰᠤ ᠪᠤᠶᠤ ᠴᠠᠭ᠎ᠠ ᠪᠠ ᠬᠠᠷ᠎ᠠ ᠠᠷᠢᠬᠢ ᠶᠢ ᠪᠤᠷᠠᠮ ᠲᠠᠢ ᠬᠤᠯᠢᠵᠤ ᠡᠳᠥᠷ ᠲᠤ ᠤᠯᠠᠨ ᠤᠳᠠᠭ᠎ᠠ ᠬᠤᠪᠢᠶᠠᠵᠤ ᠤᠤᠭᠤᠯᠭᠠᠨ᠎ᠠ᠃
 
ᠢᠷᠡᠯᠲᠡ᠄ ᠣᠷᠳᠣᠰ ᠤᠨ ᠡᠳᠥᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号