ᠬᠤᠨᠢ ᠢᠮᠠᠭᠠᠨ ᠤ ᠬᠥᠯᠳᠡᠭᠰᠡᠨ ᠰᠢᠷᠬ᠎ᠠ ᠶᠢ ᠠᠨᠠᠭᠠᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2018-04-19
      ᠬᠤᠨᠢ ᠢᠮᠠᠭ᠎ᠠ ᠬᠠᠬᠢᠷ ᠬᠥᠢᠲᠡᠨ ᠪᠤᠶᠤ ᠭᠡᠨᠡᠳᠳᠡ ᠶᠢᠨ ᠬᠥᠢᠲᠡᠨ ᠴᠠᠰᠤ ᠪᠤᠷᠤᠭᠠᠨ ᠳᠤ ᠲᠠᠭᠠᠷᠢᠭᠳᠠᠵᠤ᠂  ᠰᠢᠯᠪᠢ᠂ ᠴᠢᠬᠢ᠂ ᠲᠥᠮᠥᠰᠥ᠂ ᠰᠡᠭᠦᠯ ᠵᠡᠷᠭᠡ ᠨᠢ  ᠬᠥᠯᠳᠡᠬᠦ ᠦᠵᠡᠭᠳᠡᠯ ᠢᠯᠡᠷᠡᠳᠡᠭ᠃ ᠭᠡᠬᠦ ᠳᠡᠭᠡᠨ ᠴᠡᠴᠡᠷᠡᠬᠦ᠂ ᠰᠢᠳᠥ ᠪᠠᠨ ᠬᠠᠪᠢᠷᠠᠬᠤ᠂ ᠵᠤᠭᠰᠤᠬᠤ ᠢᠯᠡᠷᠡᠯ ᠲᠠᠢ ᠪᠥᠭᠡᠳ ᠬᠦᠯᠳᠡᠭᠰᠡᠨ ᠭᠡᠰᠡᠭ ᠨᠢ ᠬᠠᠪᠤᠳᠴᠤ ᠴᠥᠪᠥᠷᠢᠭᠦᠦ ᠭᠠᠷᠴᠦ ᠰᠢᠯᠪᠤᠷᠠᠳᠠᠭ᠃ ᠡᠭᠦᠨ ᠢ ᠠᠨᠠᠭᠠᠨ ᠵᠠᠰᠠᠬᠤ ᠠᠷᠭ᠎ᠠ ᠨᠢ  ᠄      ᠨᠢᠭᠡ᠂ ᠬᠥᠯᠳᠡᠭᠰᠡᠨ ᠭᠡᠰᠡᠭ ᠢ ᠨᠢ ᠬᠥᠢᠲᠡᠨ ᠤᠰᠤᠨ ᠳᠤ ᠤᠷᠤᠭᠤᠯᠤᠨ ᠳᠠᠷᠠᠭ᠎ᠠ ᠨᠢ ᠬᠤᠵᠢᠷ ᠲᠠᠢ ᠤᠰᠤ  ᠪᠠᠷ ᠤᠬᠢᠶᠠᠨ᠎ᠠ᠃      ᠬᠤᠶᠠᠷ᠂ ᠮᠠᠩᠭᠢᠰᠤᠨ ᠲᠤᠰᠤ ᠶᠢ ᠬᠠᠯᠠᠭᠠᠭᠠᠳ ᠲᠥᠷᠬᠢᠵᠥ ᠥᠭᠭᠦᠨ᠎ᠡ᠃      ᠭᠤᠷᠪᠠ᠂ 500 ᠭᠷᠠᠮ ᠤᠯᠤᠰᠤᠨ ᠲᠤᠰᠤᠨ ᠳᠤ100 ᠭᠷᠠᠮ ᠬᠤᠸᠠᠵᠤᠤ ᠬᠢᠵᠥ ᠪᠤᠴᠠᠯᠭᠠᠭᠰᠠᠨ ᠤ ᠳᠠᠷᠠᠭ᠎ᠠ ᠬᠠᠯᠠᠭᠤᠨ ᠢᠶᠠᠷ ᠨᠢ ᠲᠦᠷᠬᠢᠵᠦ ᠥᠭᠭᠦᠨ᠎ᠡ᠃      ᠳᠥᠷᠪᠡ᠂ 500 ᠭᠷᠠᠮ ᠥᠳᠬᠡᠨ ᠬᠠᠷ᠎ᠠ ᠴᠠᠢ ᠳᠡᠭᠡᠷ᠎ᠡ 50 ᠭᠷᠠᠮ ᠳᠠᠪᠤᠰᠤ ᠬᠢᠭᠡᠳ ᠤᠬᠢᠶᠠᠨ᠎ᠠ᠃      ᠲᠠᠪᠤ᠂ 500 ᠭᠷᠠᠮ ᠠᠳᠤᠭᠤᠨ ᠮᠢᠬᠠᠨ ᠤ ᠳᠤᠰᠤᠨ ᠳᠡᠭᠡᠷ᠎ᠡ 50 ᠭᠷᠠᠮ ᠲᠤᠭᠤᠭᠠᠨ ᠤ ᠬᠥ᠋ ᠨᠡᠮᠡᠭᠡᠳ ᠲᠥᠷᠬᠢᠵᠤ ᠥᠭᠭᠦᠨ᠎ᠡ᠃      ᠵᠢᠷᠭᠤᠭ᠎ᠠ᠂ ᠬᠠᠰᠢ ᠶᠢᠨ ᠡᠰᠢ ᠶᠢ ᠤᠰᠤᠨ ᠳᠤ ᠬᠢᠵᠤ ᠪᠤᠴᠯᠭᠠᠭᠠᠳ ᠰᠥᠮᠥᠰᠥ ᠪᠠᠷ ᠨᠢ ᠬᠥᠯᠳᠡᠭᠰᠡᠨ ᠰᠢᠷᠬ᠎ᠠ ᠶᠢ ᠨᠢ ᠤᠬᠢᠶᠠᠵᠤ ᠥᠭᠭᠦᠨ᠎ᠡ᠃      ᠲᠥᠯᠤᠭ᠎ᠠ᠂ ᠨᠢᠭᠡ ᠭᠡᠰᠡᠭ ᠨᠡᠭᠦᠷᠡᠰᠥ ᠶᠢ ᠭᠠᠯ ᠳᠡᠭᠡᠷ᠎ᠡ ᠵᠢᠭᠠᠬᠠᠨ ᠬᠠᠯᠠᠭᠤᠯᠤᠭᠠᠳ ᠰᠢᠷᠬ᠎ᠠ ᠶᠢ ᠨᠢ ᠵᠦᠯᠭᠦᠨ᠎ᠡ᠃      ᠨᠠᠶᠢᠮᠠ᠂ 100 ᠭᠷᠠᠮ ᠯᠠᠵᠤᠤ ᠶᠢ ᠴᠢᠨᠠᠭᠠᠳ ᠰᠥᠮᠥᠰᠥ ᠪᠠᠷ ᠨᠢ ᠬᠥᠯᠳᠡᠭᠰᠡᠨ ᠭᠡᠰᠡᠭ ᠢ ᠤᠬᠢᠶᠠᠨ᠎ᠠ᠃      ᠶᠢᠰᠤ᠂ ᠬᠠᠷ᠎ᠠ ᠠᠷᠢᠬᠢ ᠶᠢ ᠬᠠᠯᠠᠭᠤᠯᠤᠭᠠᠳ ᠲᠥᠷᠬᠢᠨ᠎ᠡ᠃      ᠠᠷᠪᠠ᠂ ᠰᠠᠷᠢᠮᠰᠠᠭ ᠤᠨ ᠬᠠᠯᠢᠰᠦ ᠶᠢ ᠨᠢ ᠠᠷᠢᠯᠭᠠᠵᠤ ᠨᠢᠴᠠᠯᠤᠭᠠᠳ ᠬᠠᠷ᠎ᠠ ᠠᠷᠢᠬᠢᠨ ᠳᠤ ᠬᠢᠵᠤ ᠡᠳᠥᠷ ᠲᠤ ᠬᠡᠳᠥ ᠤᠳᠠᠭ᠎ᠠ ᠲᠦᠷᠬᠢᠵᠦ ᠥᠭᠭᠦᠨ᠎ᠡ᠃      ᠠᠷᠪᠠᠨ ᠨᠢᠭᠡ᠂ ᠴᠠᠭᠠᠨ ᠨᠤᠭᠤᠭ᠎ᠠ ᠪᠤᠴᠠᠯᠭᠠᠭᠰᠠᠨ ᠰᠥᠮᠥᠰᠥᠨ ᠳᠤ ᠳᠠᠪᠤᠰᠤ ᠨᠡᠮᠡᠭᠡᠳ ᠤᠬᠢᠶᠠᠵᠤ ᠥᠭᠭᠦᠨ᠎ᠡ᠃      ᠠᠷᠪᠠᠨ ᠬᠤᠶᠠᠷ᠂  ᠵᠥᠷᠵᠢ ᠶᠢᠨ ᠬᠠᠯᠢᠰᠤ᠂ ᠴᠭᠠᠨ ᠯᠤᠤᠪᠠᠩ ᠤᠨ ᠨᠠᠪᠴᠢ ᠶᠢ ᠠᠳᠠᠯᠢ ᠬᠡᠮᠵᠢᠶ᠎ᠡ ᠪᠠᠷ ᠬᠢᠵᠤ ᠴᠢᠨᠠᠭᠠᠳ ᠰᠥᠮᠥᠰᠥ ᠶᠢ ᠨᠢ ᠡᠳᠥᠷ ᠲᠤ ᠬᠤᠶᠠᠷ ᠠᠴᠠ ᠭᠤᠷᠪᠠ ᠤᠳᠠᠭ᠎ᠠ ᠲᠥᠷᠬᠢᠵᠦ ᠥᠭᠭᠦᠨ᠎ᠡ᠃    《 ᠥᠪᠥᠷ ᠮᠤᠩᠭᠤᠯ ᠤᠨ ᠠᠮᠢᠳᠤᠷᠠᠯ ᠭᠠᠷᠠᠭ ᠤᠨ ᠰᠤᠨᠢᠨ》 ᠠᠴᠠ ᠪᠠᠭᠤᠯᠭᠠᠪᠠ
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号