ᠬᠠᠯᠳᠠᠪᠤᠷᠢᠳᠤ ᠴᠢᠨᠠᠷᠳᠠᠢ ᠢᠳᠡᠭᠡᠳᠤ ᠴᠥᠪᠥᠷᠢᠭᠦᠦ ᠶᠢᠨ ᠸᠢᠷᠥ᠋ᠰ ᠬᠠᠯᠳᠠᠪᠤᠷᠢᠯᠠᠭᠰᠠᠨ ᠠᠴᠠ ᠡᠭᠦᠰᠥᠭᠰᠡᠨ | ᠬᠤᠷᠠᠭᠠᠨ ᠤ ᠠᠮᠠᠨ ᠪᠥᠷᠬᠦᠪᠴᠢ ᠶᠢᠨ ᠥᠷᠪᠢᠰᠥᠯ ᠢ ᠠᠮᠠᠷᠠᠤ ᠭᠡᠳᠡᠭ᠃ ᠰᠥᠷᠥᠭ ᠢᠶᠠᠷ ᠡᠭᠦᠰᠬᠦ ᠨᠢ ᠤᠯᠠᠨ᠂ | ᠢᠳᠡᠰᠢᠯᠡᠬᠦ ᠶᠢ ᠨᠥᠯᠥᠭᠡᠯᠡᠵᠤ᠂ ᠬᠤᠷᠠᠭᠠᠨ ᠤ ᠥᠰᠥᠨ ᠪᠤᠶᠢᠵᠢᠯᠳᠠ ᠶᠢ ᠬᠥᠨᠳᠤ ᠨᠤᠴᠢᠳᠠᠢ ᠬᠠᠷᠰᠢᠯᠠᠳᠠᠭ᠃ | ᠬᠦᠨᠳᠦ ᠰᠢᠭ ᠨᠢ ᠪᠠᠰᠠ ᠥᠬᠦᠳᠡᠭ᠃ ᠲᠤᠰ ᠸᠢᠷᠥ᠋ᠰ ᠨᠢ ᠤᠷᠴᠢᠨ ᠲᠤᠭᠤᠷᠢᠨ ᠳᠤ ᠨᠡᠯᠢᠶᠡᠳ ᠴᠢᠩᠭ᠎ᠠ | ᠡᠰᠡᠷᠭᠦᠴᠡᠬᠦ ᠴᠢᠳᠠᠯ ᠲᠠᠢ᠃ ᠳᠠᠪᠤᠭᠠᠰᠤᠨ ᠲᠤᠳᠤᠷᠠᠬᠢ ᠸᠢᠷᠥ᠋ᠰ ᠢ ᠵᠤᠨ ᠤ ᠨᠠᠷᠠᠨ ᠳᠤ 30~60 ᠡᠳᠥᠷ ᠢᠯᠡ | ᠲᠠᠯᠪᠢᠪᠠᠯ ᠰᠠᠶ᠋ᠢ ᠬᠠᠯᠳᠠᠪᠤᠷᠢᠯᠠᠬᠤ ᠴᠢᠨᠠᠷ ᠢᠶᠠᠨ ᠠᠯᠳᠠᠳᠠᠭ᠃ ᠲᠤᠰ ᠸᠢᠷᠥ᠋ᠰ ᠭᠠᠵᠠᠷ ᠤᠨ ᠭᠠᠳᠠᠷᠭᠤ ᠳᠡᠭᠡᠷ᠎ᠡ | ᠡᠪᠦᠯᠵᠢᠭᠡᠳ᠂ ᠳᠠᠷᠠᠭ᠎ᠠ ᠬᠠᠪᠤᠷ ᠲᠤᠨᠢ ᠮᠥᠨ ᠬᠠᠯᠳᠠᠪᠤᠷᠢᠯᠠᠬᠤ ᠴᠢᠨᠠᠷ ᠲᠠᠢ ᠪᠠᠶᠢᠳᠠᠭ᠃ ᠡᠶᠢᠮᠤ ᠠᠴᠠ ᠵᠢᠯ | ᠳᠠᠷᠠᠭᠠᠯᠠᠨ ᠬᠢᠯᠪᠠᠷᠬᠠᠨ ᠡᠭᠦᠰᠴᠤ᠂ ᠬᠥᠨᠳᠤ ᠶᠡᠭᠡ ᠬᠤᠬᠢᠷᠠᠯ ᠠᠪᠴᠢᠷᠠᠳᠠᠭ᠃ | ﹇ᠡᠪᠡᠳᠴᠢᠨ ᠤ ᠪᠠᠶᠢᠳᠠᠯ﹈ ᠨᠢᠭᠤᠭᠳᠠᠮᠠᠯ ᠬᠤᠭᠤᠴᠠᠭ᠎ᠠ ᠨᠢ 4~7 ᠡᠳᠥᠷ᠂ ᠬᠠᠯᠳᠠᠪᠤᠷᠢᠯᠠᠬᠤ ᠨᠢ | ᠲᠥᠷᠭᠡᠨ᠃ ᠬᠡᠮᠨᠡᠭᠰᠡᠨ ᠬᠤᠷᠠᠭᠠᠨ ᠤ ᠵᠠᠪᠠᠵᠢ᠂ ᠤᠷᠤᠭᠤᠯ ᠤᠨ ᠭᠠᠳᠠᠷᠭᠤ ᠪᠤᠯᠤᠨ ᠬᠠᠮᠠᠷ ᠤᠨ ᠲᠤᠯᠢ ᠲᠡᠭᠡᠷ᠎ᠡ | ᠤᠷᠢᠳ ᠢᠶᠠᠷ ᠴᠥᠪᠥᠷᠢᠭᠦᠦ ᠶᠢᠨ ᠬᠡᠯᠪᠡᠷᠢᠳᠡᠢ ᠵᠢᠵᠢᠭ ᠤᠯᠠᠭᠠᠨ ᠲᠤᠯᠪᠤ ᠭᠠᠷᠴᠤ᠂ ᠤᠳᠠᠯ ᠦᠭᠡᠢ ᠤᠰᠤᠨ | ᠴᠥᠪᠥᠷᠢᠭᠦᠦ᠂ ᠢᠳᠡᠭᠡᠳᠤ ᠴᠥᠪᠥᠷᠢᠭᠦᠥ ᠪᠤᠢ ᠪᠤᠯᠳᠠᠭ᠃ ᠵᠠᠯᠭᠠᠭᠠᠳ ᠢᠳᠡᠭᠡᠳᠤ ᠴᠥᠪᠥᠷᠢᠭᠦᠥ ᠬᠠᠭᠠᠷᠠᠵᠤ | ᠢᠯᠪᠤᠷᠠᠬᠤ ᠶᠢ ᠳᠠᠭᠠᠯᠳᠤᠨ ᠰᠢᠷ᠎ᠠ ᠬᠥᠷᠡᠩ ᠥᠩᠭᠡᠳᠡᠢ ᠳᠠᠪᠤᠭᠠᠰᠤ ᠪᠤᠯᠤᠨ ᠬᠤᠪᠢᠷᠠᠳᠠᠭ᠃ ᠬᠦᠩᠭᠡᠨ ᠰᠢᠭ ᠪᠤᠯ | ᠳᠠᠪᠤᠭᠠᠰᠤ ᠨᠢ ᠥᠷᠭᠡᠵᠢᠨ ᠵᠤᠵᠠᠭᠠᠷᠠᠵᠤ ᠬᠠᠳᠠᠭᠠᠳ ᠬᠤᠭᠵᠢᠷᠠᠨ ᠤᠨᠠᠵᠤ᠂ 1~2 ᠭᠠᠷᠠᠭ ᠤᠨ ᠳᠠᠷᠠᠭ᠎ᠠ | ᠠᠶᠠᠨᠳᠠᠭᠠᠨ ᠡᠳᠡᠭᠡᠷᠡᠳᠡᠭ᠃ ᠬᠥᠨᠳᠤ ᠬᠡᠮᠨᠡᠭᠰᠡᠨ ᠬᠤᠷᠠᠭᠠᠨ ᠤ ᠢᠳᠡᠭᠡᠳᠤ ᠴᠥᠪᠥᠷᠢᠭᠦᠦ ᠨᠢ ᠬᠠᠭᠠᠷᠠᠵᠤ | ᠢᠯᠪᠤᠷᠠᠭᠰᠠᠨ ᠤ ᠳᠠᠷᠠᠭ᠎ᠠ ᠬᠠᠷᠢᠯᠴᠠᠨ ᠵᠠᠯᠭᠠᠯᠳᠤᠵᠤ᠂ ᠳᠡᠭᠡᠷ᠎ᠡ ᠳᠤᠤᠷ᠎ᠠ ᠤᠷᠤᠭᠤᠯ᠂ ᠬᠠᠮᠠᠷ ᠤᠨ ᠲᠤᠯᠢ ᠶᠢᠨ | ᠭᠠᠳᠠᠷᠭᠤ ᠠᠴᠠ ᠨᠢᠳᠦᠨ ᠤ ᠠᠨᠢᠰᠬ᠎ᠠ᠂ ᠴᠢᠬᠢᠨ ᠤ ᠭᠠᠳᠠᠷᠭᠤ ᠬᠦᠷᠳᠡᠯ᠎ᠡ ᠬᠠᠯᠳᠠᠪᠤᠷᠢᠯᠠᠳᠠᠭ᠃ ᠢᠩᠬᠢᠭᠡᠳ ᠶᠡᠭᠡ | ᠬᠡᠪᠴᠢᠶ᠎ᠡ ᠪᠠᠷ ᠠᠷᠰᠠᠶᠢᠵᠤ ᠤᠰᠤᠭᠰᠠᠨ᠂ ᠴᠢᠰᠤ ᠳᠠᠭᠠᠭᠠᠪᠤᠷᠢᠯᠠᠭᠰᠠᠨ ᠵᠤᠵᠠᠭᠠᠨ ᠬᠠᠳᠠᠭᠤᠯᠢᠭ ᠳᠠᠪᠤᠭᠠᠰᠤ ᠪᠠ | ᠬᠠᠪᠤᠳᠠᠷ ᠪᠤᠯᠳᠠᠭ᠃ ᠡᠪᠡᠳᠴᠢᠨ ᠨᠢ ᠬᠦᠨᠳᠦᠷᠡᠪᠡᠯ ᠤᠷᠤᠭᠤᠯ᠂ ᠬᠠᠮᠠᠷ ᠤᠨ ᠨᠥᠬᠡᠨ ᠤ ᠬᠠᠪᠢ ᠨᠢ ᠪᠦᠬᠦᠨ ᠢᠶᠠᠷ | ᠢᠶᠠᠨ ᠬᠠᠪᠤᠳᠴᠤ ᠭᠠᠳᠠᠭᠰᠢ ᠪᠠᠨ ᠤᠷᠪᠠᠶᠢᠬᠤ ᠮᠥᠷᠳᠡᠭᠡᠨ ᠭᠥᠵᠡᠯᠵᠡᠭᠡᠨᠡ ᠶᠢᠨ ᠬᠡᠯᠪᠡᠷᠢ ᠲᠠᠢ ᠬᠦᠳᠦᠶᠢᠨ ᠭᠠᠷᠴᠤ᠂ | ᠪᠤᠶᠢᠯᠠ ᠨᠢ ᠤᠯᠠᠶᠢᠨ ᠬᠠᠪᠤᠳᠴᠤ ᠢᠯᠪᠤᠷᠠᠨ᠂ ᠬᠤᠷᠠᠭ᠎ᠠ ᠬᠦᠬᠦᠬᠦ ᠪᠤᠶᠤ ᠡᠪᠡᠰᠦ ᠢᠳᠡᠬᠦ ᠠᠷᠭ᠎ᠠ ᠦᠭᠡᠢ ᠪᠤᠯᠭᠠᠵᠤ | ᠂ ᠡᠳᠥᠷ ᠢᠷᠡᠬᠦᠶ᠎ᠡ ᠲᠤᠷᠠᠵᠤ ᠮᠠᠭᠤᠳᠠᠳᠠᠭ᠃ ᠬᠡᠷᠪᠡ ᠳᠠᠷᠤᠶᠢᠬᠠᠨ ᠡᠮᠨᠡᠨ ᠵᠠᠰᠠᠬᠤ ᠦᠭᠡᠢ ᠪᠤᠯ ᠥᠯᠪᠡᠷᠥᠨ | ᠥᠬᠦᠳᠡᠭ᠃ ᠬᠡᠮᠨᠡᠭᠰᠡᠨ ᠬᠤᠷᠠᠭ᠎ᠠ ᠡᠬᠡ ᠪᠠᠨ ᠬᠦᠬᠦᠬᠦ ᠦᠶᠡᠰ ᠲᠡᠭᠡᠨ ᠠᠮᠠᠷᠠᠤ ᠪᠠᠨ ᠡᠬᠡ ᠳᠡᠭᠡᠨ ᠬᠠᠯᠳᠠᠪᠤᠷᠢᠯᠠᠳᠠᠭ | ᠠᠴᠠ ᠬᠤᠨᠢᠨ ᠤ ᠬᠦᠬᠦᠨ ᠲᠤᠪᠴᠢ ᠳᠤ ᠡᠪᠡᠳᠴᠢᠨ ᠡᠭᠦᠰᠴᠦ᠂ ᠬᠠᠪᠤᠳᠴᠤ ᠡᠪᠡᠳᠬᠦ ᠲᠤᠯᠠ ᠬᠤᠷᠠᠭ᠎ᠠ ᠪᠠᠨ | ᠬᠦᠬᠦᠬᠦᠯᠵᠤ ᠴᠢᠳᠠᠬᠤ ᠦᠭᠡᠢ ᠪᠠᠶᠢᠳᠠᠭ᠃ | ﹇ᠤᠷᠢᠳᠴᠢᠯᠠᠨ ᠰᠡᠷᠭᠡᠶᠢᠯᠡᠬᠦ﹈ ᠲᠤᠰ ᠡᠪᠡᠳᠴᠢᠨ ᠭᠤᠤᠯᠳᠠᠭᠤ ᠰᠢᠷᠬᠠᠳᠤᠯ ᠠᠴᠠ ᠬᠠᠯᠳᠠᠪᠤᠷᠢᠯᠠᠳᠠᠭ᠃ | ᠬᠤᠷᠠᠭᠠᠨ ᠤ ᠠᠮᠠᠨ ᠬᠦᠨᠳᠡᠢ ᠶᠢᠨ ᠰᠠᠯᠢᠰᠤᠳᠤ ᠪᠥᠷᠬᠦᠪᠴᠢ ᠨᠢᠮᠬᠡᠨ ᠵᠥᠭᠡᠯᠡᠨ ᠲᠤᠯᠠ ᠴᠢᠳᠠᠬᠤ ᠶᠢᠨ ᠲᠤᠳᠤᠷ᠎ᠠ | ᠤᠷᠤᠭᠤᠯ ᠤᠨ ᠠᠷᠠᠰᠤᠨ ᠤ ᠰᠠᠯᠢᠰᠤᠳᠤ ᠪᠥᠷᠬᠦᠪᠴᠢ ᠶᠢ ᠨᠢ ᠭᠡᠮᠳᠥᠯ ᠳᠤ ᠤᠴᠠᠷᠠᠭᠤᠯᠬᠤ ᠠᠴᠠ ᠰᠡᠷᠭᠡᠶᠢᠯᠡᠬᠦ | ᠬᠡᠷᠡᠭᠳᠡᠢ᠃ ᠲᠥᠯᠯᠡᠬᠦ ᠦᠶᠡᠰ ᠡᠮ᠎ᠡ ᠬᠤᠨᠢᠨ ᠤ ᠬᠦᠬᠦ ᠪᠤᠯᠤᠨ ᠪᠡᠶ᠎ᠡ ᠶᠢᠨ ᠬᠤᠶᠢᠳᠤ ᠬᠡᠰᠡᠭ ᠲᠤ ᠨᠠᠭᠠᠯᠳᠤᠭᠰᠠᠨ | ᠬᠤᠨᠢᠨ ᠵᠠᠩᠭᠤᠤ ᠵᠡᠷᠭᠡ ᠥᠷᠭᠡᠰᠤ ᠲᠠᠢ ᠪᠤᠳᠠᠰ ᠢ ᠠᠷᠢᠯᠭᠠᠨ ᠬᠠᠶᠠᠵᠤ᠂ ᠰᠢᠷᠬᠠᠳᠤᠯ ᠢᠶᠠᠷ ᠬᠠᠯᠳᠠᠪᠤᠷᠢᠯᠠᠬᠤ | ᠲᠤᠬᠢᠶᠠᠯ ᠢ ᠪᠠᠭᠠᠰᠬᠠᠨ᠎ᠠ᠃ ᠬᠤᠷᠠᠭ᠎ᠠ ᠶᠢ ᠡᠪᠡᠰᠥᠨ ᠪᠤᠷᠳᠤᠭ᠎ᠠ ᠪᠠᠷ ᠲᠡᠵᠢᠭᠡᠬᠦ ᠳᠡᠭᠡᠨ ᠴᠠᠷᠭᠠᠰᠤ᠂ | ᠬᠤᠩᠭᠤᠷᠴᠤᠭᠳᠤ ᠮᠤᠳᠤᠨ ᠤ ᠨᠠᠪᠴᠢ᠂ ᠬᠤᠸᠠᠱᠧᠩ ᠤᠨ ᠨᠠᠪᠴᠢ ᠵᠡᠷᠭᠡ ᠵᠥᠭᠡᠯᠡᠨ ᠨᠢᠯᠵᠠᠷᠠᠢ ᠲᠡᠵᠢᠭᠡᠯ ᠪᠤᠷᠳᠤᠭ᠎ᠠ | ᠶᠢ ᠰᠤᠩᠭᠤᠬᠤ ᠬᠡᠷᠡᠭᠳᠡᠢ᠃ ᠨᠠᠷᠢᠯᠢᠭ ᠪᠤᠷᠳᠤᠭ᠎ᠠ ᠪᠠᠷ ᠲᠡᠵᠢᠭᠡᠬᠦ ᠳᠡᠭᠡᠨ ᠤᠷᠢᠳ ᠢᠶᠠᠷ ᠬᠡᠮᠬᠡᠯᠵᠤ᠂ ᠤᠰᠤᠨ ᠳᠤ | ᠲᠡᠪᠳᠡᠭᠡᠨ ᠵᠥᠭᠡᠯᠡᠷᠡᠭᠦᠯᠥᠨᠡ᠃ ᠬᠠᠰᠢᠶ᠎ᠠ ᠰᠠᠷᠠᠪᠴᠢᠨ ᠲᠤᠳᠤᠷ᠎ᠠ ᠥᠷᠭᠡᠰᠤ ᠲᠠᠢ ᠪᠠ ᠪᠥᠳᠦᠭᠦᠯᠢᠭ ᠬᠠᠳᠠᠭᠤ ᠡᠪᠡᠰᠤ | ᠳᠡᠪᠢᠰᠴᠤ ᠪᠤᠯᠬᠤ ᠦᠭᠡᠢ᠃ ᠬᠡᠮᠨᠡᠭᠰᠡᠨ ᠬᠤᠷᠠᠭ᠎ᠠ ᠶᠢ ᠲᠤᠰᠠᠭᠠᠷᠯᠠᠨ ᠲᠡᠵᠢᠭᠡᠵᠤ ᠠᠷᠠᠴᠢᠯᠠᠨ᠎ᠠ᠃ ᠬᠡᠮᠨᠡᠭᠰᠡᠨ | ᠬᠤᠷᠠᠭᠠᠨ ᠳᠤ ᠬᠡᠷᠡᠭᠯᠡᠬᠦ ᠬᠠᠰᠢᠶ᠎ᠠ ᠰᠠᠷᠠᠪᠴᠢ᠂ ᠪᠠᠭᠠᠵᠢ ᠬᠡᠷᠡᠭᠰᠡᠯ ᠢ 3% ᠶᠢᠨ ᠡᠪᠡᠰᠤ ᠮᠤᠳᠤᠨ ᠤ ᠥᠨᠡᠰᠦ᠂ | 20% ᠶᠢᠨ ᠲᠥᠭᠦᠬᠡᠢ ᠴᠤᠬᠤᠢ ᠶᠢᠨ ᠴᠢᠢᠳᠡᠮᠡᠭ ᠪᠤᠶᠤ 2% ᠤᠨ ᠤᠰᠤᠮᠠᠭᠳᠤ ᠨᠠᠲᠷᠢ ᠪᠠᠷ ᠰᠥᠷᠴᠢᠨ | ᠠᠷᠢᠭᠤᠳᠬᠠᠵᠤ ᠭᠡᠮ ᠬᠢᠵᠢᠭ ᠳᠡᠯᠭᠡᠷᠡᠬᠦ ᠠᠴᠠ ᠰᠡᠷᠭᠡᠶᠢᠯᠡᠨ᠎ᠡ᠃ | ﹇ᠡᠮᠴᠢᠯᠡᠭᠡ﹈ ᠬᠥᠩᠭᠡᠨ ᠬᠡᠮᠨᠡᠭᠰᠡᠨ ᠬᠤᠷᠠᠭᠠᠨ ᠤ ᠡᠪᠡᠳᠴᠢᠳᠡᠢ ᠭᠡᠰᠡᠭ ᠢ 2%~3% ᠶᠢᠨ ᠯᠠᠶᠢᠰᠤᠷ | ᠤᠨ ᠠᠭᠤᠰᠤᠮᠠᠯ ᠢᠶᠠᠷ ᠣᠬᠢᠶᠠᠨ ᠠᠷᠢᠭᠤᠳᠬᠠᠵᠤ᠂ ᠬᠢᠮᠰᠠ ᠪᠠᠷ ᠳᠠᠪᠤᠭᠠᠰᠤ ᠶᠢ ᠨᠢ ᠠᠷᠢᠯᠭᠠᠭᠰᠠᠨ ᠤ ᠳᠠᠷᠠᠭ᠎ᠠ | 2%~3% ᠶᠢᠨ ᠢᠤᠳ᠋ ᠬᠠᠨᠳᠠ ᠳᠡᠭᠡᠷ᠎ᠡ ᠭᠯᠢᠼᠧᠷᠢᠨ ᠨᠡᠮᠡᠵᠤ ᠨᠠᠶᠢᠷᠠᠭᠤᠯᠤᠭᠰᠠᠨ ᠳ᠋ᠢᠶᠠᠨ ᠭᠠᠨ ᠶᠢᠤ ᠶᠢ | ᠡᠪᠡᠳᠴᠢᠳᠡᠢ ᠬᠡᠰᠡᠭ ᠲᠤ ᠳᠥᠷᠬᠢᠨᠡ᠃ ᠳᠤᠮᠳᠠ ᠬᠡᠮᠵᠢᠶ᠎ᠡ ᠪᠠᠷ ᠬᠡᠮᠨᠡᠭᠰᠡᠨ ᠬᠤᠨᠢᠨ ᠳᠤ ᠳᠡᠭᠡᠷ᠎ᠡ ᠳᠤᠷᠠᠳᠤᠭᠰᠠᠨ | ᠠᠷᠭ᠎ᠠ ᠶᠢ ᠬᠡᠷᠡᠭᠯᠡᠬᠦ ᠠᠴᠠ ᠭᠠᠳᠠᠨ᠎ᠠ᠂ ᠲᠠᠬᠢᠵᠤ ᠬᠡᠰᠡᠭᠳᠤ ᠬᠦᠬᠦᠷ ᠬᠦᠴᠢᠯ ᠤᠨ ᠵᠡᠰ ᠢᠶᠠᠷ ᠡᠪᠡᠳᠴᠢᠳᠡᠢ ᠬᠡᠰᠡᠭ ᠢ | ᠱᠥᠷᠭᠦᠭᠡᠨ ᠢᠳᠡᠭᠳᠡᠭᠦᠯᠵᠤ᠂ ᠳᠡᠭᠡᠷ᠎ᠡ ᠨᠢ ᠳ᠋ᠢᠶᠠᠨ ᠭᠠᠨ ᠶᠢᠤ ᠲᠥᠷᠬᠢᠨ᠎ᠡ᠃ ᠬᠥᠨᠳᠤ ᠬᠡᠮᠨᠡᠭᠰᠡᠨ ᠬᠤᠨᠢᠨ ᠤ ᠪᠤᠶᠢᠯᠠ | ᠵᠡᠷᠭᠡ ᠢᠯᠪᠤᠷᠠᠭᠰᠠᠨ ᠡᠪᠡᠳᠴᠢᠳᠡᠢ ᠬᠡᠰᠡᠭ ᠢ ᠮᠡᠰᠡ ᠵᠠᠰᠠᠯ ᠤᠨ ᠬᠠᠶᠢᠴᠢ ᠪᠠᠷ ᠠᠮᠢᠳᠤ ᠮᠢᠬᠠᠨ ᠳᠤᠨᠢ ᠬᠥᠷᠳᠡᠯ᠎ᠡ | ᠬᠠᠶᠢᠴᠢᠯᠠᠨ ᠬᠠᠶᠠᠵᠤ᠂ ᠳᠠᠠᠷᠠᠭᠠ ᠳᠤᠨᠢ ᠬᠦᠬᠦᠷ ᠬᠦᠴᠢᠯ ᠤᠨ ᠵᠡᠰ ᠢᠶᠠᠷ ᠢᠳᠡᠭᠳᠡᠭᠦᠯᠥᠭᠰᠡᠨ ᠤ ᠳᠠᠷᠠᠭ᠎ᠠ ᠳ᠋ᠢᠶᠠᠨ | ᠭᠠᠨ ᠲᠥᠷᠬᠢᠵᠤ ᠲᠠᠯᠪᠢᠪᠠᠯ ᠠᠭᠠᠵᠢᠮ ᠢᠶᠠᠷ ᠡᠳᠡᠭᠡᠷᠡᠳᠡᠭ᠃ | | | 《 ᠬᠤᠷᠠᠭ᠎ᠠ ᠪᠤᠶᠢᠵᠢᠭᠤᠯᠬᠤ ᠮᠡᠷᠭᠡᠵᠢᠯ》ᠭᠡᠬᠦ ᠨᠤᠮ ᠠᠴᠠ ᠪᠠᠭᠤᠯᠭᠠᠪᠠ |