ᠬᠤᠷᠠᠭᠠᠨ ᠤ ᠠᠮᠠᠷᠠᠤ
ᠨᠡᠶᠢᠲᠡᠯᠡᠭᠰᠡᠨ ᠴᠠᠭ᠄
2018-04-20
       ᠬᠠᠯᠳᠠᠪᠤᠷᠢᠳᠤ ᠴᠢᠨᠠᠷᠳᠠᠢ ᠢᠳᠡᠭᠡᠳᠤ ᠴᠥᠪᠥᠷᠢᠭᠦᠦ ᠶᠢᠨ ᠸᠢᠷᠥ᠋ᠰ ᠬᠠᠯᠳᠠᠪᠤᠷᠢᠯᠠᠭᠰᠠᠨ ᠠᠴᠠ ᠡᠭᠦᠰᠥᠭᠰᠡᠨ ᠬᠤᠷᠠᠭᠠᠨ ᠤ ᠠᠮᠠᠨ ᠪᠥᠷᠬᠦᠪᠴᠢ ᠶᠢᠨ ᠥᠷᠪᠢᠰᠥᠯ ᠢ ᠠᠮᠠᠷᠠᠤ ᠭᠡᠳᠡᠭ᠃ ᠰᠥᠷᠥᠭ ᠢᠶᠠᠷ ᠡᠭᠦᠰᠬᠦ ᠨᠢ ᠤᠯᠠᠨ᠂ ᠢᠳᠡᠰᠢᠯᠡᠬᠦ ᠶᠢ ᠨᠥᠯᠥᠭᠡᠯᠡᠵᠤ᠂ ᠬᠤᠷᠠᠭᠠᠨ ᠤ ᠥᠰᠥᠨ ᠪᠤᠶᠢᠵᠢᠯᠳᠠ ᠶᠢ ᠬᠥᠨᠳᠤ ᠨᠤᠴᠢᠳᠠᠢ ᠬᠠᠷᠰᠢᠯᠠᠳᠠᠭ᠃ ᠬᠦᠨᠳᠦ ᠰᠢᠭ ᠨᠢ ᠪᠠᠰᠠ ᠥᠬᠦᠳᠡᠭ᠃ ᠲᠤᠰ ᠸᠢᠷᠥ᠋ᠰ ᠨᠢ ᠤᠷᠴᠢᠨ ᠲᠤᠭᠤᠷᠢᠨ ᠳᠤ ᠨᠡᠯᠢᠶᠡᠳ ᠴᠢᠩᠭ᠎ᠠ ᠡᠰᠡᠷᠭᠦᠴᠡᠬᠦ ᠴᠢᠳᠠᠯ ᠲᠠᠢ᠃ ᠳᠠᠪᠤᠭᠠᠰᠤᠨ ᠲᠤᠳᠤᠷᠠᠬᠢ ᠸᠢᠷᠥ᠋ᠰ ᠢ ᠵᠤᠨ ᠤ ᠨᠠᠷᠠᠨ ᠳᠤ 30~60 ᠡᠳᠥᠷ ᠢᠯᠡ ᠲᠠᠯᠪᠢᠪᠠᠯ ᠰᠠᠶ᠋ᠢ ᠬᠠᠯᠳᠠᠪᠤᠷᠢᠯᠠᠬᠤ ᠴᠢᠨᠠᠷ ᠢᠶᠠᠨ ᠠᠯᠳᠠᠳᠠᠭ᠃ ᠲᠤᠰ ᠸᠢᠷᠥ᠋ᠰ ᠭᠠᠵᠠᠷ ᠤᠨ ᠭᠠᠳᠠᠷᠭᠤ ᠳᠡᠭᠡᠷ᠎ᠡ ᠡᠪᠦᠯᠵᠢᠭᠡᠳ᠂ ᠳᠠᠷᠠᠭ᠎ᠠ ᠬᠠᠪᠤᠷ ᠲᠤᠨᠢ ᠮᠥᠨ ᠬᠠᠯᠳᠠᠪᠤᠷᠢᠯᠠᠬᠤ ᠴᠢᠨᠠᠷ ᠲᠠᠢ ᠪᠠᠶᠢᠳᠠᠭ᠃ ᠡᠶᠢᠮᠤ ᠠᠴᠠ ᠵᠢᠯ ᠳᠠᠷᠠᠭᠠᠯᠠᠨ ᠬᠢᠯᠪᠠᠷᠬᠠᠨ ᠡᠭᠦᠰᠴᠤ᠂ ᠬᠥᠨᠳᠤ ᠶᠡᠭᠡ ᠬᠤᠬᠢᠷᠠᠯ ᠠᠪᠴᠢᠷᠠᠳᠠᠭ᠃       ﹇ᠡᠪᠡᠳᠴᠢᠨ ᠤ ᠪᠠᠶᠢᠳᠠᠯ﹈ ᠨᠢᠭᠤᠭᠳᠠᠮᠠᠯ ᠬᠤᠭᠤᠴᠠᠭ᠎ᠠ ᠨᠢ 4~7 ᠡᠳᠥᠷ᠂ ᠬᠠᠯᠳᠠᠪᠤᠷᠢᠯᠠᠬᠤ ᠨᠢ ᠲᠥᠷᠭᠡᠨ᠃ ᠬᠡᠮᠨᠡᠭᠰᠡᠨ ᠬᠤᠷᠠᠭᠠᠨ ᠤ ᠵᠠᠪᠠᠵᠢ᠂ ᠤᠷᠤᠭᠤᠯ ᠤᠨ ᠭᠠᠳᠠᠷᠭᠤ ᠪᠤᠯᠤᠨ ᠬᠠᠮᠠᠷ ᠤᠨ ᠲᠤᠯᠢ ᠲᠡᠭᠡᠷ᠎ᠡ ᠤᠷᠢᠳ ᠢᠶᠠᠷ ᠴᠥᠪᠥᠷᠢᠭᠦᠦ ᠶᠢᠨ ᠬᠡᠯᠪᠡᠷᠢᠳᠡᠢ ᠵᠢᠵᠢᠭ ᠤᠯᠠᠭᠠᠨ ᠲᠤᠯᠪᠤ ᠭᠠᠷᠴᠤ᠂ ᠤᠳᠠᠯ ᠦᠭᠡᠢ ᠤᠰᠤᠨ ᠴᠥᠪᠥᠷᠢᠭᠦᠦ᠂ ᠢᠳᠡᠭᠡᠳᠤ ᠴᠥᠪᠥᠷᠢᠭᠦᠥ ᠪᠤᠢ ᠪᠤᠯᠳᠠᠭ᠃ ᠵᠠᠯᠭᠠᠭᠠᠳ ᠢᠳᠡᠭᠡᠳᠤ ᠴᠥᠪᠥᠷᠢᠭᠦᠥ ᠬᠠᠭᠠᠷᠠᠵᠤ ᠢᠯᠪᠤᠷᠠᠬᠤ ᠶᠢ ᠳᠠᠭᠠᠯᠳᠤᠨ ᠰᠢᠷ᠎ᠠ ᠬᠥᠷᠡᠩ ᠥᠩᠭᠡᠳᠡᠢ ᠳᠠᠪᠤᠭᠠᠰᠤ ᠪᠤᠯᠤᠨ ᠬᠤᠪᠢᠷᠠᠳᠠᠭ᠃ ᠬᠦᠩᠭᠡᠨ ᠰᠢᠭ ᠪᠤᠯ ᠳᠠᠪᠤᠭᠠᠰᠤ ᠨᠢ ᠥᠷᠭᠡᠵᠢᠨ ᠵᠤᠵᠠᠭᠠᠷᠠᠵᠤ ᠬᠠᠳᠠᠭᠠᠳ ᠬᠤᠭᠵᠢᠷᠠᠨ ᠤᠨᠠᠵᠤ᠂ 1~2 ᠭᠠᠷᠠᠭ ᠤᠨ ᠳᠠᠷᠠᠭ᠎ᠠ ᠠᠶᠠᠨᠳᠠᠭᠠᠨ ᠡᠳᠡᠭᠡᠷᠡᠳᠡᠭ᠃ ᠬᠥᠨᠳᠤ ᠬᠡᠮᠨᠡᠭᠰᠡᠨ ᠬᠤᠷᠠᠭᠠᠨ ᠤ ᠢᠳᠡᠭᠡᠳᠤ ᠴᠥᠪᠥᠷᠢᠭᠦᠦ ᠨᠢ ᠬᠠᠭᠠᠷᠠᠵᠤ ᠢᠯᠪᠤᠷᠠᠭᠰᠠᠨ ᠤ ᠳᠠᠷᠠᠭ᠎ᠠ ᠬᠠᠷᠢᠯᠴᠠᠨ ᠵᠠᠯᠭᠠᠯᠳᠤᠵᠤ᠂ ᠳᠡᠭᠡᠷ᠎ᠡ ᠳᠤᠤᠷ᠎ᠠ ᠤᠷᠤᠭᠤᠯ᠂ ᠬᠠᠮᠠᠷ ᠤᠨ ᠲᠤᠯᠢ ᠶᠢᠨ ᠭᠠᠳᠠᠷᠭᠤ ᠠᠴᠠ ᠨᠢᠳᠦᠨ ᠤ ᠠᠨᠢᠰᠬ᠎ᠠ᠂ ᠴᠢᠬᠢᠨ ᠤ ᠭᠠᠳᠠᠷᠭᠤ ᠬᠦᠷᠳᠡᠯ᠎ᠡ ᠬᠠᠯᠳᠠᠪᠤᠷᠢᠯᠠᠳᠠᠭ᠃ ᠢᠩᠬᠢᠭᠡᠳ ᠶᠡᠭᠡ ᠬᠡᠪᠴᠢᠶ᠎ᠡ ᠪᠠᠷ ᠠᠷᠰᠠᠶᠢᠵᠤ ᠤᠰᠤᠭᠰᠠᠨ᠂ ᠴᠢᠰᠤ ᠳᠠᠭᠠᠭᠠᠪᠤᠷᠢᠯᠠᠭᠰᠠᠨ ᠵᠤᠵᠠᠭᠠᠨ ᠬᠠᠳᠠᠭᠤᠯᠢᠭ ᠳᠠᠪᠤᠭᠠᠰᠤ ᠪᠠ ᠬᠠᠪᠤᠳᠠᠷ ᠪᠤᠯᠳᠠᠭ᠃ ᠡᠪᠡᠳᠴᠢᠨ ᠨᠢ ᠬᠦᠨᠳᠦᠷᠡᠪᠡᠯ ᠤᠷᠤᠭᠤᠯ᠂ ᠬᠠᠮᠠᠷ ᠤᠨ ᠨᠥᠬᠡᠨ ᠤ ᠬᠠᠪᠢ ᠨᠢ ᠪᠦᠬᠦᠨ ᠢᠶᠠᠷ  ᠢᠶᠠᠨ ᠬᠠᠪᠤᠳᠴᠤ  ᠭᠠᠳᠠᠭᠰᠢ ᠪᠠᠨ ᠤᠷᠪᠠᠶᠢᠬᠤ ᠮᠥᠷᠳᠡᠭᠡᠨ ᠭᠥᠵᠡᠯᠵᠡᠭᠡᠨ᠎ᠡ ᠶᠢᠨ ᠬᠡᠯᠪᠡᠷᠢ ᠲᠠᠢ ᠬᠦᠳᠦᠶᠢᠨ ᠭᠠᠷᠴᠤ᠂ ᠪᠤᠶᠢᠯᠠ ᠨᠢ ᠤᠯᠠᠶᠢᠨ ᠬᠠᠪᠤᠳᠴᠤ ᠢᠯᠪᠤᠷᠠᠨ᠂ ᠬᠤᠷᠠᠭ᠎ᠠ ᠬᠦᠬᠦᠬᠦ ᠪᠤᠶᠤ ᠡᠪᠡᠰᠦ ᠢᠳᠡᠬᠦ ᠠᠷᠭ᠎ᠠ ᠦᠭᠡᠢ ᠪᠤᠯᠭᠠᠵᠤ ᠂ ᠡᠳᠥᠷ ᠢᠷᠡᠬᠦᠶ᠎ᠡ ᠲᠤᠷᠠᠵᠤ ᠮᠠᠭᠤᠳᠠᠳᠠᠭ᠃ ᠬᠡᠷᠪᠡ ᠳᠠᠷᠤᠶᠢᠬᠠᠨ ᠡᠮᠨᠡᠨ ᠵᠠᠰᠠᠬᠤ ᠦᠭᠡᠢ ᠪᠤᠯ ᠥᠯᠪᠡᠷᠥᠨ ᠥᠬᠦᠳᠡᠭ᠃ ᠬᠡᠮᠨᠡᠭᠰᠡᠨ ᠬᠤᠷᠠᠭ᠎ᠠ ᠡᠬᠡ ᠪᠠᠨ ᠬᠦᠬᠦᠬᠦ ᠦᠶᠡᠰ ᠲᠡᠭᠡᠨ ᠠᠮᠠᠷᠠᠤ ᠪᠠᠨ ᠡᠬᠡ ᠳᠡᠭᠡᠨ ᠬᠠᠯᠳᠠᠪᠤᠷᠢᠯᠠᠳᠠᠭ  ᠠᠴᠠ ᠬᠤᠨᠢᠨ ᠤ ᠬᠦᠬᠦᠨ ᠲᠤᠪᠴᠢ ᠳᠤ ᠡᠪᠡᠳᠴᠢᠨ ᠡᠭᠦᠰᠴᠦ᠂ ᠬᠠᠪᠤᠳᠴᠤ ᠡᠪᠡᠳᠬᠦ ᠲᠤᠯᠠ ᠬᠤᠷᠠᠭ᠎ᠠ ᠪᠠᠨ ᠬᠦᠬᠦᠬᠦᠯᠵᠤ ᠴᠢᠳᠠᠬᠤ ᠦᠭᠡᠢ ᠪᠠᠶᠢᠳᠠᠭ᠃       ﹇ᠤᠷᠢᠳᠴᠢᠯᠠᠨ ᠰᠡᠷᠭᠡᠶᠢᠯᠡᠬᠦ﹈ ᠲᠤᠰ ᠡᠪᠡᠳᠴᠢᠨ ᠭᠤᠤᠯᠳᠠᠭᠤ ᠰᠢᠷᠬᠠᠳᠤᠯ ᠠᠴᠠ ᠬᠠᠯᠳᠠᠪᠤᠷᠢᠯᠠᠳᠠᠭ᠃ ᠬᠤᠷᠠᠭᠠᠨ ᠤ ᠠᠮᠠᠨ ᠬᠦᠨᠳᠡᠢ ᠶᠢᠨ ᠰᠠᠯᠢᠰᠤᠳᠤ ᠪᠥᠷᠬᠦᠪᠴᠢ ᠨᠢᠮᠬᠡᠨ ᠵᠥᠭᠡᠯᠡᠨ ᠲᠤᠯᠠ ᠴᠢᠳᠠᠬᠤ ᠶᠢᠨ ᠲᠤᠳᠤᠷ᠎ᠠ ᠤᠷᠤᠭᠤᠯ ᠤᠨ ᠠᠷᠠᠰᠤᠨ ᠤ ᠰᠠᠯᠢᠰᠤᠳᠤ ᠪᠥᠷᠬᠦᠪᠴᠢ ᠶᠢ ᠨᠢ ᠭᠡᠮᠳᠥᠯ ᠳᠤ ᠤᠴᠠᠷᠠᠭᠤᠯᠬᠤ ᠠᠴᠠ ᠰᠡᠷᠭᠡᠶᠢᠯᠡᠬᠦ ᠬᠡᠷᠡᠭᠳᠡᠢ᠃ ᠲᠥᠯᠯᠡᠬᠦ ᠦᠶᠡᠰ ᠡᠮ᠎ᠡ ᠬᠤᠨᠢᠨ ᠤ ᠬᠦᠬᠦ ᠪᠤᠯᠤᠨ ᠪᠡᠶ᠎ᠡ ᠶᠢᠨ ᠬᠤᠶᠢᠳᠤ ᠬᠡᠰᠡᠭ ᠲᠤ ᠨᠠᠭᠠᠯᠳᠤᠭᠰᠠᠨ ᠬᠤᠨᠢᠨ ᠵᠠᠩᠭᠤᠤ ᠵᠡᠷᠭᠡ ᠥᠷᠭᠡᠰᠤ ᠲᠠᠢ ᠪᠤᠳᠠᠰ ᠢ ᠠᠷᠢᠯᠭᠠᠨ ᠬᠠᠶᠠᠵᠤ᠂ ᠰᠢᠷᠬᠠᠳᠤᠯ ᠢᠶᠠᠷ ᠬᠠᠯᠳᠠᠪᠤᠷᠢᠯᠠᠬᠤ ᠲᠤᠬᠢᠶᠠᠯ ᠢ ᠪᠠᠭᠠᠰᠬᠠᠨ᠎ᠠ᠃ ᠬᠤᠷᠠᠭ᠎ᠠ ᠶᠢ ᠡᠪᠡᠰᠥᠨ ᠪᠤᠷᠳᠤᠭ᠎ᠠ ᠪᠠᠷ ᠲᠡᠵᠢᠭᠡᠬᠦ ᠳᠡᠭᠡᠨ ᠴᠠᠷᠭᠠᠰᠤ᠂ ᠬᠤᠩᠭᠤᠷᠴᠤᠭᠳᠤ ᠮᠤᠳᠤᠨ ᠤ ᠨᠠᠪᠴᠢ᠂ ᠬᠤᠸᠠᠱᠧᠩ ᠤᠨ ᠨᠠᠪᠴᠢ ᠵᠡᠷᠭᠡ ᠵᠥᠭᠡᠯᠡᠨ ᠨᠢᠯᠵᠠᠷᠠᠢ ᠲᠡᠵᠢᠭᠡᠯ ᠪᠤᠷᠳᠤᠭ᠎ᠠ  ᠶᠢ ᠰᠤᠩᠭᠤᠬᠤ ᠬᠡᠷᠡᠭᠳᠡᠢ᠃ ᠨᠠᠷᠢᠯᠢᠭ ᠪᠤᠷᠳᠤᠭ᠎ᠠ ᠪᠠᠷ ᠲᠡᠵᠢᠭᠡᠬᠦ ᠳᠡᠭᠡᠨ ᠤᠷᠢᠳ ᠢᠶᠠᠷ ᠬᠡᠮᠬᠡᠯᠵᠤ᠂ ᠤᠰᠤᠨ ᠳᠤ ᠲᠡᠪᠳᠡᠭᠡᠨ ᠵᠥᠭᠡᠯᠡᠷᠡᠭᠦᠯᠥᠨ᠎ᠡ᠃ ᠬᠠᠰᠢᠶ᠎ᠠ ᠰᠠᠷᠠᠪᠴᠢᠨ ᠲᠤᠳᠤᠷ᠎ᠠ ᠥᠷᠭᠡᠰᠤ ᠲᠠᠢ ᠪᠠ ᠪᠥᠳᠦᠭᠦᠯᠢᠭ ᠬᠠᠳᠠᠭᠤ ᠡᠪᠡᠰᠤ ᠳᠡᠪᠢᠰᠴᠤ ᠪᠤᠯᠬᠤ ᠦᠭᠡᠢ᠃ ᠬᠡᠮᠨᠡᠭᠰᠡᠨ ᠬᠤᠷᠠᠭ᠎ᠠ ᠶᠢ ᠲᠤᠰᠠᠭᠠᠷᠯᠠᠨ ᠲᠡᠵᠢᠭᠡᠵᠤ ᠠᠷᠠᠴᠢᠯᠠᠨ᠎ᠠ᠃ ᠬᠡᠮᠨᠡᠭᠰᠡᠨ ᠬᠤᠷᠠᠭᠠᠨ ᠳᠤ ᠬᠡᠷᠡᠭᠯᠡᠬᠦ ᠬᠠᠰᠢᠶ᠎ᠠ ᠰᠠᠷᠠᠪᠴᠢ᠂ ᠪᠠᠭᠠᠵᠢ ᠬᠡᠷᠡᠭᠰᠡᠯ ᠢ 3% ᠶᠢᠨ ᠡᠪᠡᠰᠤ ᠮᠤᠳᠤᠨ ᠤ ᠥᠨᠡᠰᠦ᠂ 20% ᠶᠢᠨ ᠲᠥᠭᠦᠬᠡᠢ ᠴᠤᠬᠤᠢ ᠶᠢᠨ ᠴᠢᠢᠳᠡᠮᠡᠭ ᠪᠤᠶᠤ 2% ᠤᠨ ᠤᠰᠤᠮᠠᠭᠳᠤ ᠨᠠᠲᠷᠢ ᠪᠠᠷ ᠰᠥᠷᠴᠢᠨ ᠠᠷᠢᠭᠤᠳᠬᠠᠵᠤ ᠭᠡᠮ ᠬᠢᠵᠢᠭ ᠳᠡᠯᠭᠡᠷᠡᠬᠦ ᠠᠴᠠ ᠰᠡᠷᠭᠡᠶᠢᠯᠡᠨ᠎ᠡ᠃        ﹇ᠡᠮᠴᠢᠯᠡᠭᠡ﹈ ᠬᠥᠩᠭᠡᠨ ᠬᠡᠮᠨᠡᠭᠰᠡᠨ ᠬᠤᠷᠠᠭᠠᠨ ᠤ ᠡᠪᠡᠳᠴᠢᠳᠡᠢ ᠭᠡᠰᠡᠭ ᠢ 2%~3% ᠶᠢᠨ ᠯᠠᠶᠢᠰᠤᠷ  ᠤᠨ ᠠᠭᠤᠰᠤᠮᠠᠯ ᠢᠶᠠᠷ ᠣᠬᠢᠶᠠᠨ ᠠᠷᠢᠭᠤᠳᠬᠠᠵᠤ᠂ ᠬᠢᠮᠰᠠ ᠪᠠᠷ ᠳᠠᠪᠤᠭᠠᠰᠤ ᠶᠢ ᠨᠢ ᠠᠷᠢᠯᠭᠠᠭᠰᠠᠨ ᠤ ᠳᠠᠷᠠᠭ᠎ᠠ 2%~3% ᠶᠢᠨ ᠢᠤᠳ᠋ ᠬᠠᠨᠳᠠ ᠳᠡᠭᠡᠷ᠎ᠡ ᠭᠯᠢᠼᠧᠷᠢᠨ ᠨᠡᠮᠡᠵᠤ ᠨᠠᠶᠢᠷᠠᠭᠤᠯᠤᠭᠰᠠᠨ ᠳ᠋ᠢᠶᠠᠨ ᠭᠠᠨ ᠶᠢᠤ ᠶᠢ ᠡᠪᠡᠳᠴᠢᠳᠡᠢ ᠬᠡᠰᠡᠭ ᠲᠤ ᠳᠥᠷᠬᠢᠨ᠎ᠡ᠃ ᠳᠤᠮᠳᠠ ᠬᠡᠮᠵᠢᠶ᠎ᠡ ᠪᠠᠷ ᠬᠡᠮᠨᠡᠭᠰᠡᠨ ᠬᠤᠨᠢᠨ ᠳᠤ ᠳᠡᠭᠡᠷ᠎ᠡ ᠳᠤᠷᠠᠳᠤᠭᠰᠠᠨ ᠠᠷᠭ᠎ᠠ ᠶᠢ ᠬᠡᠷᠡᠭᠯᠡᠬᠦ ᠠᠴᠠ ᠭᠠᠳᠠᠨ᠎ᠠ᠂ ᠲᠠᠬᠢᠵᠤ ᠬᠡᠰᠡᠭᠳᠤ ᠬᠦᠬᠦᠷ ᠬᠦᠴᠢᠯ ᠤᠨ ᠵᠡᠰ ᠢᠶᠠᠷ ᠡᠪᠡᠳᠴᠢᠳᠡᠢ ᠬᠡᠰᠡᠭ ᠢ ᠱᠥᠷᠭᠦᠭᠡᠨ ᠢᠳᠡᠭᠳᠡᠭᠦᠯᠵᠤ᠂ ᠳᠡᠭᠡᠷ᠎ᠡ ᠨᠢ ᠳ᠋ᠢᠶᠠᠨ ᠭᠠᠨ ᠶᠢᠤ ᠲᠥᠷᠬᠢᠨ᠎ᠡ᠃ ᠬᠥᠨᠳᠤ ᠬᠡᠮᠨᠡᠭᠰᠡᠨ ᠬᠤᠨᠢᠨ ᠤ ᠪᠤᠶᠢᠯᠠ ᠵᠡᠷᠭᠡ ᠢᠯᠪᠤᠷᠠᠭᠰᠠᠨ ᠡᠪᠡᠳᠴᠢᠳᠡᠢ ᠬᠡᠰᠡᠭ ᠢ ᠮᠡᠰᠡ ᠵᠠᠰᠠᠯ ᠤᠨ ᠬᠠᠶᠢᠴᠢ ᠪᠠᠷ ᠠᠮᠢᠳᠤ ᠮᠢᠬᠠᠨ ᠳᠤᠨᠢ ᠬᠥᠷᠳᠡᠯ᠎ᠡ ᠬᠠᠶᠢᠴᠢᠯᠠᠨ ᠬᠠᠶᠠᠵᠤ᠂ ᠳᠠᠠᠷᠠᠭ᠎ᠠ ᠳᠤᠨᠢ ᠬᠦᠬᠦᠷ ᠬᠦᠴᠢᠯ ᠤᠨ ᠵᠡᠰ ᠢᠶᠠᠷ ᠢᠳᠡᠭᠳᠡᠭᠦᠯᠥᠭᠰᠡᠨ ᠤ ᠳᠠᠷᠠᠭ᠎ᠠ ᠳ᠋ᠢᠶᠠᠨ ᠭᠠᠨ ᠲᠥᠷᠬᠢᠵᠤ ᠲᠠᠯᠪᠢᠪᠠᠯ ᠠᠭᠠᠵᠢᠮ ᠢᠶᠠᠷ ᠡᠳᠡᠭᠡᠷᠡᠳᠡᠭ᠃   《 ᠬᠤᠷᠠᠭ᠎ᠠ ᠪᠤᠶᠢᠵᠢᠭᠤᠯᠬᠤ ᠮᠡᠷᠭᠡᠵᠢᠯ》ᠭᠡᠬᠦ ᠨᠤᠮ ᠠᠴᠠ ᠪᠠᠭᠤᠯᠭᠠᠪᠠ
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号