ᠮᠦᠩᠭᠡᠳᠠᠯᠠᠢ ᠶᠢᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾
ᠨᠡᠶᠢᠲᠡᠯᠡᠭᠰᠡᠨ ᠴᠠᠭ᠄
2019-12-09
     ᠨᠤᠮ ᠴᠤᠭᠯᠠᠭᠤᠯᠤᠭᠴᠢ ᠤᠯᠠᠨ ᠪᠠᠶᠢᠳᠠᠭ ᠪᠤᠯᠪᠠᠴᠤ ᠲᠤᠯᠢ ᠪᠢᠴᠢᠭ ᠴᠤᠭᠯᠠᠭᠤᠯᠤᠭᠴᠢ ᠬᠤᠪᠤᠷ ᠠᠴᠠ ᠬᠤᠪᠤᠷ ᠶᠤᠮᠰᠠᠨ᠃      ᠤᠷᠳᠤᠰ ᠬᠤᠳᠠ ᠶᠢᠨ ᠦᠤᠰᠢᠨ ᠬᠤᠰᠢᠭᠤᠨ ᠤ ᠲᠤᠭ ᠪᠠᠯᠭᠠᠰᠤᠨ ᠳᠤ ᠨᠤᠮ ᠴᠤᠭᠯᠠᠭᠤᠯᠬᠤ ᠰᠤᠨᠢᠷᠬᠠᠯ ᠲᠠᠢ ᠂ ᠨᠤᠮ ᠴᠤᠭᠯᠠᠭᠤᠯᠬᠤ ᠪᠠᠷ ᠨᠠᠰᠤᠨ ᠤ ᠦᠢᠯᠡᠰ ᠢᠶᠠᠨ ᠪᠤᠯᠭᠠᠭᠰᠠᠨ᠂ ᠨᠤᠮ ᠴᠤᠭᠯᠠᠭᠤᠯᠬᠤ ᠶᠢᠨ ᠤᠯᠠᠮ ᠢᠶᠠᠷ ᠲᠤᠯᠢ ᠪᠢᠴᠢᠭ ᠴᠤᠭᠯᠠᠭᠤᠯᠬᠤ ᠰᠤᠨᠢᠷᠬᠠᠯ ᠲᠠᠢ ᠪᠤᠯᠵᠤ᠂ ᠪᠦᠷ ᠴᠤ ᠦᠪᠤᠷ ᠮᠤᠩᠭᠤᠯ᠂ ᠲᠡᠷᠡᠴᠢᠯᠡᠨ ᠮᠤᠩᠭᠤᠯ ᠦᠨᠳᠤᠰᠤᠳᠡᠨ ᠤ ᠲᠤᠮᠳᠠ ᠠᠩᠬ᠎ᠠ ᠪᠤᠢ ᠪᠤᠯᠵᠤ ᠪᠠᠶᠢᠭ᠎ᠠ ︽ᠲᠤᠯᠢ ᠪᠢᠴᠢᠭ ᠤᠨ ᠨᠤᠮ ᠤᠨ ᠰᠠᠩ︾ ᠡᠷᠬᠢᠯᠡᠭᠰᠡᠨ ᠮᠦᠡᠭᠭᠡᠳᠠᠯᠠᠢ ᠭᠡᠭᠴᠢ ᠮᠠᠯᠴᠢᠨ ᠤ ᠦᠢᠯᠨ ᠠᠵᠢᠯᠯᠠᠭ᠎ᠠ ᠨᠢ ᠤᠯᠠᠨ ᠤ ᠰᠤᠨᠢᠷᠬᠠᠯ ᠢ ᠲᠠᠳᠠᠨ᠎ᠠ᠃
    ᠢᠢᠨ ᠭᠦ ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠰᠤᠷᠪᠤᠯᠵᠢᠯᠠᠭ᠎ᠠ ᠶᠢᠨ ᠲᠤᠭᠤᠢᠢᠯᠠᠩ ᠤᠨ ᠬᠢᠨ ᠦᠤᠰᠢᠨ ᠬᠤᠰᠢᠭᠤᠨ ᠤ ᠲᠤᠭ ᠪᠠᠯᠭᠠᠰᠤᠨ ᠳᠤ ᠪᠠᠶᠢᠷᠢᠯᠠᠭ᠎ᠠ ᠮᠦᠡᠭᠭᠡᠳᠠᠯᠠᠢ ᠶᠢᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾᠎ ᠳᠤ ᠬᠦᠷᠴᠤ ᠰᠤᠷᠪᠤᠯᠵᠢᠯᠠᠵᠤ ᠪᠢᠯᠡ᠃ 138 ᠲᠡᠭᠰᠢ ᠲᠦᠷᠪᠡᠯᠵᠢᠨ ᠮᠧᠲᠷ ᠤᠨ ᠦᠷᠦᠭᠡᠨ ᠳᠤ ᠲᠦᠬᠦᠷᠡᠩ ᠦᠷᠦᠭᠡᠰᠤᠳᠠᠢ ᠨᠢ ᠴᠦᠮ ᠡᠯᠳᠡᠪ ᠵᠦᠢᠯ ᠤᠨ ᠲᠤᠯᠢ ᠪᠢᠴᠢᠭ ᠪᠠᠶᠢᠵᠦ᠂ ᠮᠤᠩᠭᠤᠯ ᠬᠡᠯᠡ ᠦᠰᠦᠭ ᠪᠢᠴᠢᠭ ᠲᠠᠢ ᠬᠠᠮᠢᠶᠠᠳᠠᠭᠰᠠᠨ ᠪᠦᠬᠦᠢ ᠯᠡ ᠬᠦᠷᠢᠶ᠎ᠠ ᠴᠠᠷᠠᠭᠠᠨ ᠤ ᠲᠤᠯᠢ ᠪᠢᠴᠢᠭ ᠡ᠊ᠨᠳᠡ ᠲᠤᠳᠠᠬᠤ ᠪᠠᠷ ᠦᠭᠡᠢ ᠰᠠᠨᠠᠭᠳᠠᠭᠤᠯᠤᠨ᠎ᠠ᠃     ᠮᠦᠡᠭᠭᠡᠳᠠᠯᠠᠢ ᠶᠢᠨ ᠴᠤᠭᠯᠠᠭᠤᠯᠤᠭᠰᠠᠨ ᠲᠤᠯᠢ ᠪᠢᠴᠢᠭ ᠤᠨ ᠬᠦᠷᠢᠶ᠎ᠠ ᠴᠠᠷᠠᠭ᠎ᠠ ᠶᠢ ᠶᠠᠷᠢᠬᠤ ᠳᠤ ᠲᠦᠷᠰᠦᠯᠡᠯ ᠲᠠᠩᠴᠤ ᠬᠤᠪᠤᠷᠳᠠᠨ᠎ᠠ ᠁     ᠲᠡᠭᠦᠨ ᠤ ᠤᠳᠤ ᠶᠢᠨ ᠨᠤᠮ ᠤᠨ ᠰᠠᠩ ᠳᠤ ᠲᠡᠯᠭᠡᠵᠤ ᠪᠠᠶᠢᠭ᠎ᠠ ᠲᠤᠯᠢ ᠪᠢᠴᠢᠭ 2400 ᠭᠠᠷᠤᠢ ᠪᠤᠢ᠃ ᠡᠬᠦᠨ ᠳᠤ ᠲᠤᠰᠤᠨ ᠲᠠᠷᠤᠮᠠᠯ᠂ ᠭᠠᠷ ᠪᠢᠴᠢᠮᠡᠯ᠂ ᠮᠤᠳᠤᠨ ᠪᠠᠷ᠂ ᠲᠤᠭᠤᠯᠭᠠᠨ ᠪᠠᠷ ᠢᠶᠠᠷ ᠬᠡᠪᠯᠡᠭᠳᠡᠭᠰᠡᠨ ᠨᠤᠮ ᠰᠤᠳᠤᠷ ᠤᠳ ᠲᠠᠯᠪᠢᠭᠠᠰᠤᠲᠠᠢ ᠪᠠᠶᠢᠵᠦ᠂ 18 ᠳ᠋ᠤᠭᠠᠷ ᠵᠠᠭᠤᠨ ᠤ ᠦᠶ᠎ᠠ ᠶᠢᠨ ᠤᠯᠳᠠᠮᠠᠯ ᠲᠤᠯᠢ ᠪᠢᠴᠢᠭ ᠠᠴᠠ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠤ ᠲᠠᠷᠠᠭᠠᠬᠢ ᠠᠩᠬᠠᠨ ᠤ ᠲᠤᠯᠢ ᠪᠢᠴᠢᠭ ᠬᠦᠷᠳᠡᠯ᠎ᠠ᠂ ᠲᠡᠭᠡᠷ᠎ᠠ ᠵᠠᠭᠤᠨ ᠤ ᠵᠢᠷᠨ ᠲᠠᠯᠠᠭᠠᠳ ᠤᠨ ᠠᠴᠠ ᠰᠢᠨ᠎ᠠ ᠵᠠᠭᠤᠨ ᠤ ᠲᠤᠮᠤᠬᠠᠨ ᠲᠤᠯᠢ ᠬᠦᠷᠳᠡᠯ᠎ᠠ ᠪᠠᠷᠤᠭ ᠪᠦᠷᠢᠨ ᠬᠠᠳᠠᠭᠠᠯᠠᠭᠳᠠᠨ᠎ᠠ᠃ ᠴᠤᠭᠯᠠᠭᠤᠯᠤᠭᠰᠠᠨ ᠬᠦᠷᠢᠶ᠎ᠠ ᠴᠠᠷᠠᠭᠠᠨ ᠤ ᠲᠠᠯ᠎ᠠ ᠠᠴᠠ ᠤᠷᠤᠰ᠂ ᠮᠤᠩᠭᠤᠯ᠂ ᠶᠠᠫᠤᠨ᠂ ᠭᠧᠷᠮᠠᠨ ᠂ ᠠᠮᠧᠷᠢᠺᠠ ᠭᠡᠳ ᠰᠤᠷᠠᠬ ᠤᠯᠳᠠᠭᠰᠠᠨ ᠭᠠᠵᠠᠷ ᠪᠦᠬᠦᠨ ᠠᠴᠠ ᠡᠷᠢᠵᠤ ᠪᠠᠳᠢᠷᠯᠠᠪᠠ᠃
    ᠮᠦᠡᠭᠭᠡᠳᠠᠯᠠᠢ ᠶᠢᠨ ᠲᠤᠯᠢ ᠪᠢᠴᠢᠭ ᠴᠤᠭᠯᠠᠭᠤᠯᠵᠤ ᠶᠠᠪᠤᠭᠰᠠᠨ ︽ᠭᠠᠯ ᠠᠶᠠᠨ︾᠎ ᠤ ᠡᠬᠢᠯᠡᠯᠳᠡ ᠨᠢ ᠵᠦᠭᠡᠷ ᠯᠠ ᠦᠪᠡᠷ ᠤᠨ ᠪᠡᠶ᠎ᠠ ᠳᠤ ᠠᠰᠢᠭᠯᠠᠬᠤ ᠪᠠᠷ ᠬᠡᠳᠦᠨ ᠲᠤᠯᠢ ᠪᠢᠴᠢᠭ ᠲᠠᠢ ᠪᠤᠯᠤᠶ᠎ᠠ ᠭᠡᠰᠡᠨ ᠵᠢᠵᠢᠭᠭᠡᠨ ᠵᠤᠷᠢᠯᠭ᠎ᠠ ᠪᠠᠶᠢᠭᠰᠠᠨ ᠪᠤᠯ ᠶᠠᠪᠠᠭᠠᠨ ᠳᠠᠭᠠᠨ ᠲᠤᠯᠢ ᠪᠢᠴᠢᠭ ᠴᠤᠭᠯᠠᠭᠤᠯᠬᠤ ᠲᠤᠷ᠎ᠠ ᠰᠤᠨᠢᠷᠬᠠᠯ ᠲᠠᠢ ᠪᠤᠯᠵᠤ᠂ ᠪᠦᠷ ᠰᠡᠬᠦᠯ ᠳᠤᠨᠢ ᠦᠨᠳᠤᠰᠤᠳᠡᠨ ᠤ ᠡᠭᠡ ᠬᠡᠯᠡ ᠳᠡᠭᠡᠨ ᠬᠤᠪᠢ ᠨᠡᠮᠡᠷᠢ ᠦᠵᠡᠭᠦᠯᠬᠦ ᠠᠭᠤᠤ ᠬᠦᠰᠡᠯᠡᠩ ᠪᠤᠯᠵᠤ ᠲᠡᠯᠡᠭᠰᠡᠨ ᠢᠶᠠᠨ ᠲᠡᠷᠡ ᠨᠢᠭᠤᠯᠳᠠ ᠦᠭᠡᠢ ᠶᠠᠷᠢᠵᠤ ᠪᠠᠶᠢᠯ᠎ᠠ᠃     ᠬᠦᠭᠡᠬᠤᠳᠠ ᠳᠤ ᠨᠤᠮ ᠴᠤᠭᠯᠠᠭᠤᠯᠵᠤ ᠪᠠᠶᠢᠭᠰᠠᠨ ᠲᠡᠷᠡ ᠪᠠᠷ ᠡᠨᠡ ᠵᠢᠯ ᠲᠦᠷᠦᠭᠰᠡᠨ ᠨᠤᠳᠤᠭ ᠦᠤᠰᠢᠨ ᠬᠤᠰᠢᠭᠤᠨ ᠳᠠᠭᠠᠨ ᠪᠤᠴᠠᠵᠤ ︽ᠮᠤᠩᠭᠤᠯ ᠲᠤᠯᠢ ᠪᠢᠴᠢᠭ ᠤᠨ ᠬᠦᠷᠢᠶᠡᠯᠡᠩ︾᠎ ᠢᠶᠠᠨ ᠨᠡᠭᠡᠭᠡᠬᠦ ᠪᠤᠯᠤᠭᠰᠠᠨ ᠢ ᠨᠤᠳᠤᠭ ᠤᠰᠤᠨ ᠤ ᠬᠢᠨ ᠲᠡᠬᠦᠨ ᠢ ᠬᠠᠯᠠᠭᠤᠨ ᠢᠶᠠᠷ ᠲᠡᠮᠵᠢᠵᠤ᠂ ᠲᠤᠭ ᠪᠠᠯᠭᠠᠰᠤᠨ ᠤ ᠨᠠᠮ ᠵᠠᠰᠠᠭ ᠤᠨ ᠬᠢᠨ ᠲᠡᠬᠦᠨ ᠳᠤ 138 ᠲᠡᠭᠰᠢ ᠲᠦᠷᠪᠡᠯᠵᠢᠨ ᠮᠧᠲᠷ ᠪᠦᠬᠦᠢ ᠨᠠᠷᠢᠯᠢᠭ ᠶᠠᠩᠵᠤᠯᠠᠭᠰᠠᠨ ᠨᠤᠮ ᠤᠨ ᠦᠷᠦᠭᠡ ᠭᠠᠷᠭᠠᠵᠤ ᠲᠡᠮᠵᠢᠭᠰᠡᠨ ᠨᠢ ᠮᠦᠡᠭᠭᠡᠳᠠᠯᠠᠢ ᠶᠢᠨ ᠬᠦᠮᠦᠨ ᠤ ᠨᠤᠳᠤᠭ ᠲᠤ ᠬᠦᠷᠳᠡᠭᠡ ᠦᠭᠡᠢ ᠶᠡᠭᠡ ᠬᠠᠯᠠᠮᠵᠢ ᠪᠠᠶᠢᠪᠠ᠃ ᠡᠶᠢᠨ ᠬᠦ ᠮᠦᠡᠭᠭᠡᠳᠠᠯᠠᠢ ᠶᠢᠨ ︽ᠶᠡᠭᠡ ᠨᠡᠬᠦᠳᠡᠯ︾ ᠡᠬᠢᠯᠡᠬᠦ ᠳᠤ᠂ ᠲᠡᠷᠡ ᠬᠦᠬᠡᠬᠤᠳᠠ ᠠᠴᠠ 36 ᠲᠤᠨ ᠪᠤᠶᠤ 5 ᠲᠦᠮᠡᠨ ᠲᠡᠪᠳᠡᠷ ᠨᠤᠮ ᠠᠪᠴᠢᠷᠠᠯ᠎ᠠ ᠭᠡᠳᠡᠭ᠃ ᠡᠬᠦᠨ ᠤ ᠲᠤᠳᠤᠷ᠎ᠠ᠂ ᠲᠡᠬᠦᠨ ᠤ ᠨᠤᠮ ᠤᠨ ᠰᠠᠩ ᠳᠤ ᠲᠡᠯᠭᠡᠭᠳᠡᠭᠰᠡᠨ ᠪᠠ ᠲᠡᠯᠭᠡᠭᠳᠡᠭᠡ ᠦᠭᠡᠢ᠂ ᠲᠠᠪᠬᠤᠷᠳᠠᠭᠰᠠᠨ ᠪᠠ ᠲᠠᠪᠬᠤᠷᠳᠠᠭ᠎ᠠ ᠦᠭᠡᠢ᠂ ᠲᠠᠬᠢᠭᠠᠳ ᠤᠯᠳᠠᠬᠤ ᠦᠭᠡᠢ ᠲᠤᠯᠢ ᠪᠢᠴᠢᠭ 4000 ᠭᠠᠷᠤᠢ ᠪᠠᠶᠢᠯ᠎ᠠ᠃ ᠡᠨᠡ ᠪᠤᠯ ᠲᠡᠬᠦᠨ ᠤ ᠡᠨᠡ ᠨᠠᠰᠤᠨ ᠳᠠᠭᠠᠨ ᠴᠢᠷᠮᠠᠶᠢᠭᠰᠠᠨ ᠤ ᠦᠷ᠎ᠠ ᠳ᠋ᠦᠩ ᠪᠠᠶᠢᠵᠤ᠂ ᠦᠨᠳᠤᠰᠤᠳᠡᠨ ᠤ ᠰᠤᠶᠤᠯ ᠤᠨ ᠤᠯᠳᠠᠰᠢ ᠦᠭᠡᠢ ︽ᠬᠤᠪᠤᠷ ᠡᠷᠳᠡᠨᠢ︾ ᠪᠤᠯᠵᠡᠢ᠃
    ᠲᠤᠯᠢ ᠪᠢᠴᠢᠭ ᠭᠡᠭᠴᠢ ᠪᠠᠭᠰᠢ ᠠᠳᠠᠯᠢ᠂ ᠦᠨᠳᠤᠰᠤᠳᠡᠨ ᠤ ᠠᠮᠢ ᠪᠤᠯᠤᠭᠰᠠᠨ ᠦᠰᠦᠭ ᠪᠢᠴᠢᠭ ᠤᠨ ᠠᠯᠳᠠᠭ᠎ᠠ ᠶᠢ ᠴᠢᠨᠢ ᠲᠤᠯᠢ ᠪᠢᠴᠢᠭ ᠵᠠᠯᠠᠷᠠᠭᠤᠯᠵᠤ ᠦᠭᠬᠦᠨ᠎ᠠ᠃ ᠲᠤᠯᠢ ᠪᠢᠴᠢᠭ ᠢ ᠲᠤᠯᠢ ᠭᠡᠵᠤ ᠨᠡᠷᠡᠯᠡᠭᠰᠡᠨ ᠨᠢ ᠲᠡᠷᠤᠢ ᠪᠢᠳᠠᠨ ᠤ ᠡᠳᠦᠷ ᠲᠤᠳᠤᠮ ᠤᠨ ᠪᠡᠶ᠎ᠠ ᠪᠠᠨ ᠲᠤᠯᠢᠳᠠᠳᠠᠭ ᠲᠤᠯᠢ ᠲᠠᠢ ᠠᠳᠠᠯᠢ ᠤᠳᠬ᠎ᠠ ᠪᠠᠷ ᠵᠦᠢᠷᠯᠡᠭᠰᠡᠨ ᠤ ᠬᠢ ᠪᠠᠶᠢᠬ᠎ᠠ᠃ ᠨᠤᠮ ᠪᠢᠴᠢᠭ ᠴᠤᠭᠯᠠᠭᠤᠯᠵᠤ᠂ ᠦᠪᠡᠷ ᠤᠨ ᠦᠭᠡ ᠬᠡᠯᠡ ᠦᠰᠦᠭ ᠪᠢᠴᠢᠭ ᠢᠶᠠᠨ ᠬᠡᠷᠡᠭᠯᠡᠬᠦ ᠳᠤ ᠲᠤᠯᠢᠳᠠᠬᠤ ᠭᠡᠰᠡᠨ ᠤ ᠤᠯᠠᠮ ᠢᠶᠠᠷ ᠲᠤᠯᠢ ᠪᠢᠴᠢᠭ ᠴᠤᠭᠯᠠᠭᠤᠯᠵᠤ ᠡᠬᠢᠯᠡᠭᠰᠡᠨ ᠮᠦᠡᠭᠭᠡᠳᠠᠯᠠᠢ ᠨᠢᠭᠡ ᠮᠡᠳᠡᠬᠦ ᠳᠤ ᠦᠷᠦᠭᠡ ᠲᠦᠬᠦᠷᠡᠩ ᠦᠨ᠎ᠠ ᠴᠠᠨ᠎ᠠ ᠲᠠᠢ ᠲᠤᠯᠢ ᠪᠢᠴᠢᠭ ᠲᠠᠢ ᠪᠤᠯᠵᠤ᠂ ᠨᠢᠭᠡ ᠮᠡᠳᠡᠬᠦ ᠳᠤ ᠦᠪᠡᠷ ᠤᠨ ᠦᠨᠳᠤᠰᠤᠳᠡᠨ ᠳᠡᠭᠡᠨ ᠬᠢᠵᠠᠭᠠᠯᠠᠰᠢ ᠦᠭᠡᠢ ᠬᠤᠪᠢ ᠨᠡᠮᠡᠷᠢ ᠦᠵᠡᠭᠦᠯᠦᠭᠰᠡᠨ ᠪᠠᠶᠢᠯ ᠎ᠠ᠃     ᠦᠤᠰᠢᠨ ᠬᠤᠰᠢᠭᠤᠨ ᠤ ᠲᠤᠭ ᠪᠠᠯᠭᠠᠰᠤᠨ ᠳᠤ ᠨᠡᠭᠡᠭᠡᠭᠰᠡᠨ ᠵᠢᠵᠢᠭᠭᠡᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾ ᠪᠦᠬᠦᠳᠡ ᠮᠤᠩᠭᠤᠯᠴᠤᠳ ᠤᠨ ᠲᠤᠮᠳᠠ ᠲᠡᠳᠦᠢ ᠯᠠ ᠴᠠᠯᠬᠢᠶ᠎ᠠ ᠭᠠᠷᠤᠭ᠎ᠠ ᠦᠭᠡᠢ᠂ ᠴᠢᠨᠠᠭᠰᠢᠯᠠᠨ ᠮᠤᠩᠭᠤᠯ ᠡᠷᠳᠡᠮᠳᠡᠨ ᠮᠡᠷᠭᠡᠳ ᠤᠨ ᠲᠤᠮᠳᠠ ᠲᠡᠶᠢᠮᠤ ᠴᠤ ᠱᠤᠤᠬᠢᠶᠠᠨ ᠪᠤᠯᠤᠭ᠎ᠠ ᠦᠭᠡᠢ ᠨᠢ ᠦᠨᠡᠨ ᠪᠠᠶᠢᠯ᠎ᠠ ᠴᠤ ᠮᠤᠩᠭᠤᠯ ᠰᠤᠳᠤᠯᠤᠯ ᠲᠠᠢ ᠭᠡᠳᠦᠨ ᠶᠡᠭᠡ ᠰᠤᠷᠭᠠᠭᠤᠯᠢ ᠬᠦᠷᠢᠶᠡᠯᠡᠩ — ᠨᠡᠶᠢᠰᠯᠡᠯ ᠪᠡᠭᠡᠵᠢᠩ ᠤᠨ ᠨᠤᠮ ᠤᠨ ᠰᠠᠩ ᠤᠨ ᠮᠡᠷᠭᠡᠵᠢᠯᠳᠡᠨ᠂ ᠦᠪᠤᠷ ᠮᠤᠩᠭᠤᠯ ᠤᠨ ᠨᠤᠮ ᠤᠨ ᠰᠠᠩ᠂ ᠦᠪᠤᠷ ᠮᠤᠩᠭᠤᠯ ᠤᠨ ᠶᠡᠭᠡ ᠰᠤᠷᠭᠠᠭᠤᠯᠢ᠂ ᠦᠪᠤᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠵᠡᠷᠭᠡ ᠨᠡᠷᠡᠳᠤ ᠪᠠᠶᠢᠭᠤᠯᠭ᠎ᠠ ᠨᠢᠭᠡᠴᠢ ᠤᠳᠠᠭ᠎ᠠ ᠲᠠᠷᠠᠭᠠᠯᠠᠨ ᠲᠡᠬᠦᠨ ᠠᠴᠠ ᠲᠤᠯᠢ ᠪᠢᠴᠢᠭ ᠬᠠᠭᠤᠯᠪᠤᠷᠢᠯᠠᠬᠤ ᠪᠤᠶᠤ ᠵᠠᠯᠠᠵᠤ ᠡᠬᠢᠯᠡᠭᠰᠡᠨ ᠭᠡᠳᠡᠭ᠃ ᠡᠨᠡ ᠨᠢ ᠲᠡᠬᠦᠨ ᠤ ᠡᠨᠡ ᠬᠦ ᠨᠦᠷᠢ ᠬᠦᠳᠡᠯᠮᠤᠷᠢ ᠶᠢ ᠨᠡᠶᠢᠬᠡᠮ ᠨᠡᠶᠢᠳᠡ ᠶᠢᠨ ᠬᠢᠨ ᠡᠬᠢᠯᠡᠨ ᠮᠡᠳᠡᠷᠡᠵᠤ ᠪᠠᠶᠢᠭ᠎ᠠ ᠭᠡᠷᠡᠭ᠂ ᠲᠡᠷᠡᠴᠢᠯᠡᠨ ᠦᠨᠡᠯᠡᠰᠢ ᠦᠭᠡᠢ ᠬᠤᠪᠤᠷᠬᠠᠨ ︽ᠪᠦᠳᠦᠭᠡᠯ︾᠎ ᠤᠨ ᠬᠢᠨᠢ ᠦᠨ᠎ᠠ ᠴᠠᠨ᠎ᠠ ᠶᠢ ᠮᠡᠳᠡᠷᠡᠵᠤ ᠪᠠᠶᠢᠭ᠎ᠠ ᠤᠴᠢᠷ ᠪᠢᠯᠡ᠃ ᠮᠦᠡᠭᠭᠡᠳᠠᠯᠠᠢ ᠶᠢᠨ ᠰᠤᠶᠤᠯ ᠤᠨ ︽ᠠᠶᠠᠨ︾ ᠡᠨᠡᠤᠭᠡᠨ ᠢᠶᠠᠷ ᠵᠤᠭᠰᠤᠭ᠎ᠠ ᠦᠭᠡᠢ᠂ ᠵᠤᠭᠰᠤᠬᠤ ᠪᠠᠷ ᠴᠤ ᠦᠭᠡᠢ ᠦᠷᠬᠦᠯᠵᠢᠯᠡᠵᠤ ᠪᠠᠶᠢᠨ᠎ᠠ᠃  
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号