ᠰᠡᠷᠭᠦᠭᠡᠵᠤ ᠪᠠᠶᠢᠭᠤᠯᠤᠭᠠᠳ 2 ᠵᠢᠯ ᠪᠤᠯᠤᠭᠰᠠᠨ ᠡᠨᠡ ︽ᠪᠠᠭ᠎ᠠ ᠰᠤᠷᠭᠠᠭᠤᠯᠢ︾ ᠶᠠᠮᠠᠷᠬᠠᠨ ᠪᠠᠶᠢᠭ᠎ᠠ ᠪᠤᠯ︖
ᠨᠡᠶᠢᠲᠡᠯᠡᠭᠰᠡᠨ ᠴᠠᠭ᠄
2019-12-09
     2016 ᠤᠨ ᠤ ᠨᠠᠮᠤᠷ ᠦᠤᠰᠢᠨ ᠬᠤᠰᠢᠭᠤᠨ ᠤ ᠲᠤᠭ ᠪᠠᠯᠭᠠᠰᠤᠨ ᠳᠤ ᠪᠠᠭ᠎ᠠ ᠰᠤᠷᠭᠠᠭᠤᠯᠢ ᠰᠡᠷᠬᠦᠬᠡᠵᠦ ᠪᠠᠶᠢᠭᠤᠯᠤᠯ᠎ᠠ ᠬᠡᠵᠦ ᠵᠠᠭᠤᠴᠢᠯᠠᠭᠤᠷ ᠤᠨ ᠬᠢᠨ ᠮᠡᠳᠡᠭᠡᠯᠡᠵᠦ ᠪᠠᠶᠢᠭᠰᠠᠨ ᠪᠢᠯᠠ᠃ 11 ᠰᠠᠷ᠎ᠠ ᠶᠢᠨ 27᠎ ᠤ ᠥᠳᠡ ᠶᠢᠨ ᠡᠮᠥᠨ᠎ᠠ ᠮᠠᠨ ᠤ ᠰᠤᠷᠪᠤᠯᠵᠢᠯᠠᠬᠤ ᠲᠤᠭᠤᠢᠢᠯᠠᠩ ᠤᠨ ᠬᠢᠨ ᠲᠤᠬ ᠪᠠᠯᠭᠠᠰᠤᠨ ᠤ ᠡᠮᠥᠨ᠎ᠠ ᠵᠠᠬ᠎ᠠ ᠳᠤ ᠪᠠᠶᠢᠷᠢᠯᠠᠭ᠎ᠠ ᠬᠡᠤᠬᠡᠳ ᠤᠨ ᠴᠡᠴᠡᠷᠯᠢᠭ ᠲᠤ ᠬᠥᠷᠬᠦ ᠳᠤ᠂ ᠬᠥᠷᠢᠶ᠎ᠠ ᠲᠠᠭᠠᠭᠤᠯᠤᠨ ᠬᠠᠳᠠᠭᠤᠷᠠᠭᠤᠯᠤᠭᠰᠠᠨ ᠵᠠᠮ ᠢᠶᠠᠷ ᠴᠡᠭᠡᠵᠢ ᠲᠠᠪᠠᠮ᠎ᠠ ᠥᠨᠳᠤᠷ ᠪᠡᠶ᠎ᠠ ᠲᠠᠢ ᠬᠤᠷᠢᠭᠠᠳ ᠬᠡᠤᠬᠡᠳ ᠡᠪᠤᠯ ᠤᠨ ᠬᠥᠢᠳᠠᠨ ᠢ ᠬᠠᠶᠢᠬᠤᠷᠤᠯ ᠥᠬᠡᠢ ᠵᠢᠬᠰᠠᠨ ᠬᠦᠶᠤᠵᠥ ᠪᠡᠶ᠎ᠠ ᠶᠢᠨ ᠲᠠᠮᠢᠷ ᠤᠨ ᠬᠢᠴᠢᠶᠠᠯ ᠤᠷᠤᠵᠥ ᠪᠠᠶᠢᠯ᠎ᠠ᠃ ︽ᠮᠠᠨ ᠤ ᠠᠩᠬᠠᠨ ᠤ ᠡᠯᠰᠡᠭᠰᠡᠨ ᠡᠳᠡᠭᠡᠷ ᠰᠤᠷᠤᠬᠴᠢ ᠤᠳᠤ ᠲᠦᠷᠪᠡᠳᠦᠭᠡᠷ ᠤᠨ ᠤ ᠰᠤᠷᠤᠭᠴᠢ ᠪᠤᠯᠵᠤ ᠪᠠᠶᠢᠨ᠎ᠠ︾ ᠬᠡᠵᠦ ᠴᠡᠴᠡᠷᠯᠢᠭ ᠤᠨ ᠵᠠᠬᠢᠷᠤᠯ ᠠᠰᠬᠠᠨ ᠪᠢᠳᠠᠨ ᠳᠤ ᠶᠠᠷᠢᠪᠡ᠃      2009 ᠤᠨ ᠳᠤ ᠲᠤᠭ ᠬᠦ᠋ᠰᠡᠯᠡᠩᠲᠦ ᠪᠠᠭ᠎ᠠ ᠰᠤᠷᠭᠠᠭᠤᠯᠢ ᠶᠢ ᠦᠦᠰᠢᠨ ᠬᠤᠰᠢᠭᠤᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠲᠠᠢ ᠴᠤᠮᠬᠠᠳᠬᠠᠨ ᠨᠠᠶᠢᠯᠡᠬᠦᠯᠬᠦ ᠦᠶ᠎ᠠ ᠳᠤ᠂ ᠴᠤᠯ ᠮᠤᠩᠭᠤᠯ ᠪᠠᠭ᠎ᠠ ᠰᠤᠷᠭᠠᠭᠤᠯᠢ ᠪᠠᠶᠢᠵᠦ ᠵᠢᠷᠠ ᠳᠠᠯᠠᠨ ᠰᠤᠷᠤᠭᠴᠢ ᠲᠠᠢ ᠪᠠᠶᠢᠵᠠᠢ᠃ ᠴᠤᠮᠬᠠᠳᠬᠠᠭᠰᠠᠨ ᠤ ᠲᠠᠷᠠᠭ᠎ᠠ ᠲᠤᠰ ᠰᠤᠷᠭᠠᠭᠤᠯᠢ ᠶᠢᠨ ᠤᠷᠤᠨ ᠲᠡᠭᠡᠷ᠎ᠠ ᠲᠤᠭ ᠪᠠᠯᠭᠠᠰᠤᠨ ᠤ ᠬᠡᠦᠭᠡᠳ ᠤᠨ ᠴᠡᠴᠡᠷᠯᠢᠭ ᠪᠠᠶᠢᠭᠤᠯᠵᠠᠢ᠃      2016 ᠤᠨ ᠤ 9 ᠰᠠᠷ᠎ᠠ ᠳᠤ ᠲᠤᠬ ᠪᠠᠯᠭᠠᠰᠤᠨ ᠤ ᠬᠡᠦᠭᠡᠳ ᠤᠨ ᠴᠡᠴᠡᠷᠯᠢᠭ ᠨᠢᠭᠡᠳᠦᠭᠡᠷ ᠤᠨ ᠤ ᠬᠢᠳᠡᠳ ᠮᠤᠩᠭᠤᠯ ᠬᠤᠶᠠᠷ ᠠᠩᠭᠢ ᠶᠢᠨ ᠰᠤᠷᠤᠭᠴᠢ ᠡᠯᠰᠡᠬᠦ ᠳᠤ ᠬᠦᠮᠦᠰ ︽ᠪᠠᠭ᠎ᠠ ᠰᠤᠷᠭᠠᠭᠤᠯᠢ ᠶᠢ ᠰᠡᠷᠭᠦᠭᠡᠨ ᠪᠠᠶᠢᠭᠤᠯᠤᠯ᠎ᠠ︾ ᠬᠡᠵᠦ ᠪᠠᠶᠠᠷᠯᠠᠯᠳᠤᠵᠠᠢ᠃ ᠤᠳᠤ ᠪᠤᠯᠬᠤ ᠳᠤ ᠲᠦᠷᠪᠠᠨ ᠨᠠᠮᠤᠷ ᠰᠤᠷᠤᠭᠴᠢ ᠡᠯᠰᠡᠵᠦ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠲᠤᠭ᠎ᠠ 192 ᠬᠦᠮᠦᠨ ᠳᠤ ᠬᠦᠷᠴᠤ᠂ ᠬᠢᠳᠡᠳ ᠮᠤᠩᠭᠤᠯ ᠰᠤᠷᠤᠭᠴᠢ ᠲᠤᠰ ᠲᠤᠰ ᠬᠠᠭᠠᠰ ᠢ ᠨᠢ ᠡᠵᠡᠯᠡᠵᠦ ᠪᠠᠶᠢᠭ᠎ᠠ ᠠᠵᠢ᠃ ᠡᠳᠡᠭᠡᠷ ᠬᠡᠦᠭᠡᠳ ᠲᠤᠰ ᠬᠡᠤᠬᠡᠳ ᠤᠨ ᠴᠡᠴᠡᠷᠯᠢᠭ ᠤᠨ ᠬᠦᠷᠢᠶᠠᠨ ᠲᠤᠳᠤᠷᠠᠬᠢ ᠤᠤᠯ ᠤᠨ ᠪᠠᠭ᠎ᠠ ᠰᠤᠷᠭᠠᠭᠤᠯᠢ ᠶᠢᠨ ᠬᠡᠳᠦᠨ ᠮᠦᠷ ᠬᠠᠭᠤᠴᠢᠨ ᠲᠤᠭᠤᠰᠬᠠᠨ ᠪᠠᠶᠢᠰᠢᠩ ᠳᠤ ᠬᠢᠴᠢᠶᠠᠯ ᠤᠷᠤᠭᠰᠠᠭᠠᠷ ᠢᠷᠡᠵᠠᠢ᠃      ︽2016 ᠤᠨ ᠳᠤ ᠪᠢᠳᠠ ᠬᠢᠳᠡᠳ ᠮᠤᠩᠭᠤᠯ ᠬᠤᠶᠠᠷ ᠠᠩᠭᠢ ᠳᠤ ᠬᠤᠷᠢ ᠬᠤᠷᠢᠨ ᠰᠤᠷᠤᠭᠴᠢ ᠡᠯᠰᠡᠵᠦ ᠪᠠᠶᠢᠬᠰᠠᠨ ᠪᠤᠯ᠂ ᠡᠨᠡ ᠨᠠᠮᠤᠷ ᠪᠢᠳᠠ ᠮᠤᠩᠭᠤᠯ ᠠᠩᠭᠢ ᠳᠤ 30 ᠰᠤᠷᠤᠭᠴᠢ᠂ ᠬᠢᠳᠡᠳ ᠠᠩᠭᠢ ᠳᠤᠨᠢ 28 ᠰᠤᠷᠤᠭᠴᠢ ᠡᠯᠰᠡᠯ᠎ᠠ᠃ ᠰᠤᠷᠤᠭᠴᠢ ᠶᠢᠨ ᠢᠷᠠᠯᠳᠠ ᠲᠤᠭᠳᠠᠭᠤᠨ ᠪᠦᠭᠡᠳ ᠲᠤᠭ᠎ᠠ ᠨᠢ ᠨᠡᠮᠡᠭᠳᠡᠭᠰᠡᠭᠡᠷ ᠪᠠᠶᠢᠨ᠎ᠠ︾ ᠬᠡᠵᠦ ᠠᠰᠬᠠᠨ ᠵᠠᠬᠢᠷᠤᠯ ᠶᠠᠷᠢᠵᠦ ᠪᠠᠶᠢᠯ᠎ᠠ᠃ ᠰᠤᠷᠤᠭᠴᠢ ᠶᠢᠨ ᠲᠤᠭ᠎ᠠ ᠨᠡᠮᠡᠭᠳᠡᠵᠦ ᠪᠠᠶᠢᠭ᠎ᠠ ᠶᠢᠨ ᠰᠢᠯᠳᠠᠭᠠᠨ ᠨᠢ ᠲᠤᠭ ᠪᠠᠯᠭᠠᠰᠤᠨ ᠤ ᠭᠦᠭᠵᠢᠬᠦ ᠶᠢ ᠲᠠᠭᠠᠯᠳᠤᠨ᠂ ᠨᠢᠭᠡ ᠲᠠᠯ᠎ᠠ ᠪᠠᠷ ᠭᠠᠳᠠᠭᠰᠢ ᠬᠦᠯᠦᠰᠤᠨ ᠠᠵᠢᠯ ᠬᠢᠬᠦ ᠪᠠᠷ ᠶᠠᠪᠤᠵᠠᠭᠠᠭᠰᠠᠨ ᠮᠤᠩᠭᠤᠯ ᠬᠦᠮᠦᠰ ᠨᠤᠳᠤᠭ ᠲᠠᠭᠠᠨ ᠪᠤᠴᠠᠨ ᠢᠷᠡᠵᠡᠭᠡᠵᠦ᠂ ᠨᠦᠬᠦᠭᠡ ᠲᠠᠯ᠎ᠠ ᠪᠠᠷ ᠭᠠᠳᠠᠨ᠎ᠠ ᠤᠷᠤᠨ ᠤ ᠬᠦᠮᠦᠰ ᠴᠤ ᠤᠯᠠᠨ ᠪᠤᠯᠵᠤ ᠪᠠᠶᠢᠭ᠎ᠠ ᠲᠠᠢ ᠬᠤᠯᠪᠤᠭ᠎ᠠ ᠲᠠᠢ ᠬᠡᠵᠦ ᠠᠰᠬᠠᠨ ᠵᠠᠬᠢᠷᠤᠯ ᠦᠵᠡᠵᠦ ᠪᠠᠶᠢᠯ᠎ᠠ᠃ ᠪᠠᠭ᠎ᠠ ᠰᠤᠷᠭᠠᠭᠤᠯᠢ ᠶᠢᠨ ᠰᠤᠷᠤᠬᠴᠢ ᠪᠠ ᠴᠡᠴᠡᠷᠯᠢᠭ ᠤᠨ ᠬᠡᠦᠭᠡᠳ ᠤᠨ ᠲᠤᠭ᠎ᠠ ᠨᠡᠮᠡᠭᠳᠡᠬᠦ ᠶᠢ ᠲᠠᠭᠠᠯᠳᠤᠨ᠂ 2016 ᠤᠨ ᠤ ᠲᠦᠴᠢᠭᠡᠳ ᠪᠠᠭᠰᠢ ᠠᠵᠢᠯᠳᠠᠨ ᠠᠴᠠ ᠪᠠᠨ ᠤᠳᠤ ᠵᠢᠩᠬᠢᠨᠢ ᠪᠠᠭᠰᠢ ᠠᠵᠢᠯᠳᠠᠨ 65᠂ ᠲᠦᠷ ᠴᠠᠭ ᠤᠨ ᠠᠵᠢᠯᠳᠠᠨ ᠲᠠᠢ ᠪᠠᠨ ᠨᠡᠶᠢᠯᠡᠭᠡᠳ 80 ᠭᠠᠷᠤᠢ ᠬᠦᠮᠦᠨ ᠲᠠᠢ ᠪᠤᠯᠤᠨ ᠨᠡᠮᠡᠭᠳᠡᠵᠠᠢ᠃      ︽ᠪᠠᠭ᠎ᠠ ᠰᠤᠷᠭᠠᠭᠤᠯᠢ︾ ᠰᠡᠷᠭᠦᠭᠰᠡᠨ ᠲᠡᠷᠡ ᠡᠳᠦᠷ ᠠᠴᠠ ᠡᠬᠢᠯᠡᠨ ᠦᠷᠭᠡᠨ ᠤᠯᠠᠨ ᠬᠡᠷ ᠤᠨ ᠠᠬᠠᠮᠠᠳ᠂ ᠤᠢᠢᠷ᠎ᠠ ᠬᠠᠪᠢ ᠶᠢᠨ ᠮᠠᠯᠴᠢᠳ᠂ ᠨᠠᠶᠢᠭᠡᠮ ᠤᠨ ᠬᠦᠮᠦᠰ ᠮᠠᠰᠢ ᠪᠦᠭᠡᠴᠡᠶᠢᠯᠠᠵᠤ ᠦᠷᠬᠦᠯᠵᠢ ᠨᠤᠮ ᠪᠢᠴᠢᠭ ᠬᠠᠨᠳᠢᠪᠯᠠᠬᠤ ᠪᠤᠶᠤ ᠵᠤᠭᠤᠰ ᠮᠦᠡᠭᠬᠦ ᠪᠠᠷ ᠲᠡᠳᠭᠦᠳᠡᠭ ᠠᠵᠢ᠃ ᠵᠢᠱᠢᠶᠠᠯᠠᠪᠠᠯ ᠲᠤᠭ ᠪᠠᠯᠭᠠᠰᠤᠨ ᠤ ᠡᠮᠡᠭᠳᠡᠶᠢᠴᠤᠳ ᠤᠨ ᠲᠦᠯᠦᠭᠡᠯᠡᠭᠴᠢᠳ ︽6 · 1︾᠎ ᠤ ᠬᠡᠦᠭᠡᠳ ᠤᠨ ᠪᠠᠶᠠᠷ ᠲᠤ ᠵᠤᠭᠤᠰ ᠳᠤᠰᠠᠯᠠᠭᠰᠠᠨ᠂ ᠠᠵᠤ ᠠᠬᠤᠢᠢᠯᠠᠯ ᠴᠤ ᠵᠤᠭᠤᠰ ᠮᠦᠡᠭᠭᠦ ᠪᠠᠷ ᠲᠠᠮᠵᠢᠭᠰᠡᠨ᠂ ︽ᠮᠠᠶᠢᠷᠠᠨᠰᠦ᠋ᠮ᠎ᠠ︾ ᠨᠠᠶᠢᠭᠡᠮ ᠲᠤᠭᠤᠷᠢᠭ ᠤᠨ ᠤᠤᠯ ᠤᠨ ᠡᠷᠬᠢᠯᠡᠭᠴᠢ ᠪᠤᠶᠠᠨᠳᠤ ᠠᠩᠭᠢ ᠶᠢᠨ ᠨᠦᠬᠦᠳ ᠪᠠ ᠨᠠᠶᠢᠭᠡᠮ ᠤᠨ ᠬᠦᠮᠦᠰ ᠢ ᠲᠠᠶᠢᠴᠢᠯᠠᠨ ︽ᠠᠯᠳᠠᠨ ᠲᠦᠷᠦᠭᠡ︾ ᠨᠤᠮ ᠤᠨ ᠰᠠᠩ ᠪᠠᠶᠢᠭᠤᠯᠵᠤ ᠦᠭᠭᠦᠭᠰᠡᠨ ᠬᠡᠬᠦ ᠮᠠᠳᠤ᠃ ᠲᠦᠷᠪᠠᠳᠦᠭᠡᠷ ᠤᠨ ᠤ ᠰᠦᠯᠳᠡᠰᠦ᠋ᠷᠦᠩ ᠤᠨ ᠭᠡᠷ ᠤᠨ ᠠᠬᠠᠮᠠᠳ ᠴᠢᠷᠮᠠᠶᠢᠯᠳᠤ᠄ ︽ᠰᠤᠷᠭᠠᠭᠤᠯᠢ ᠶᠢ ᠪᠠᠯᠭᠠᠰᠤᠨ ᠳᠤ ᠰᠡᠷᠬᠦᠨ ᠪᠠᠶᠢᠭᠤᠯᠤᠬᠰᠠᠨ ᠠᠴᠠ ᠬᠡᠤᠬᠡᠳ ᠤᠳ ᠬᠡᠷ ᠨᠤᠳᠤᠬ ᠠᠴᠠ ᠪᠠᠨ ᠥᠢᠷ᠎ᠠ ᠪᠤᠯᠵᠥ᠂ ᠠᠪᠤ ᠡᠵᠢ ᠪᠠᠨ ᠰᠠᠨᠠᠬᠤ ᠨᠢ ᠵᠦᠭᠡᠷ ᠪᠤᠯᠵᠤ᠂ ᠡᠷᠡᠬᠦᠯ ᠰᠠᠷᠠᠭᠤᠯ ᠥᠰᠥᠨ ᠪᠤᠶᠢᠵᠢᠬᠤ ᠳᠤ ᠲᠤᠩ ᠰᠠᠶᠢᠨ ᠤᠷᠴᠢᠨ ᠢ ᠬᠠᠨᠭ᠍ᠭᠠᠵᠥ᠂ ᠮᠠᠯᠴᠢᠳ ᠤᠨ ᠠᠵᠤ ᠠᠬᠤᠢ ᠶᠢᠨ ᠲᠠᠷᠤᠭᠠᠰᠤ ᠶᠢ ᠴᠤ ᠬᠥᠡᠭᠭᠡᠯᠡᠵᠥ ᠥᠭᠬᠦᠭᠰᠡᠨ ᠪᠠᠶᠢᠨ᠎ᠠ᠃ ᠨᠠᠷᠢᠨ ᠲᠤᠭᠠᠴᠠᠭ᠎ᠠ ᠶᠢ ᠥᠨᠳᠤᠰᠤᠯᠠᠪᠠᠯ᠂ ᠪᠠᠯᠭᠠᠰᠤᠨ ᠳᠤ ᠰᠤᠷᠭᠠᠭᠤᠯᠢ ᠳᠤ ᠰᠠᠭᠤᠬᠤ ᠨᠢ ᠬᠤᠰᠢᠭᠤᠨ ᠲᠥᠪ ᠭᠠᠯᠠᠭᠤᠳᠤ ᠪᠠᠯᠭᠠᠰᠤᠨ ᠳᠤ ᠰᠠᠭᠤᠵᠤ ᠰᠤᠷᠤᠯᠴᠠᠬᠤ ᠠᠴᠠ ᠨᠠᠭᠠᠳᠤ ᠵᠠᠬ᠎ᠠ ᠳᠠᠭᠠᠨ 3 ᠲᠥᠮᠡᠨ ᠲᠥᠬᠦᠷᠢᠭ ᠠᠷᠪᠢᠯᠠᠬᠤ ᠪᠤᠯᠤᠬᠰᠠᠨ ᠶᠤᠮ︾ ᠬᠡᠵᠥ ᠪᠠᠶᠢᠯ᠎ᠠ᠃      2020 ᠤᠨ ᠤ ᠨᠠᠮᠤᠷ ᠠᠰᠢᠬᠯᠠᠯᠳᠠ ᠳᠤ ᠤᠷᠤᠬᠤ ᠰᠢᠨ᠎ᠠ ᠪᠠᠷ ᠪᠠᠶᠢᠭᠤᠯᠵᠤ ᠪᠠᠶᠢᠭ᠎ᠠ ᠲᠤᠭ ᠪᠠᠭ᠎ᠠ ᠰᠤᠷᠭᠠᠭᠤᠯᠢ ᠨᠢ ᠤᠳᠤ ᠬᠦᠮᠦᠰ ᠤᠨ ᠬᠠᠮᠤᠭ ᠤᠨ ᠶᠡᠭᠡ ᠮᠦᠷᠦᠭᠡᠳᠦᠯ᠂ ᠪᠠᠶᠠᠷᠳᠤ ᠤᠴᠢᠷ ᠪᠤᠯᠵᠠᠢ᠃ ᠮᠦᠨ ᠲᠤᠭ ᠪᠠᠯᠭᠠᠰᠤᠨ ᠠᠴᠠ ᠡᠨᠡ ᠵᠢᠯ 50 ᠲᠦᠮᠠᠨ ᠲᠦᠭᠦᠷᠢᠭ ᠤᠨ ᠪᠠᠯᠠ ᠤᠷᠤᠭᠤᠯᠵᠤ ᠴᠡᠴᠡᠷᠯᠢᠭ ᠤᠨ ᠲᠡᠷᠭᠡᠳᠡ ᠲᠡᠷᠭᠡᠨ ᠵᠤᠬᠰᠤᠭᠠᠯ ᠪᠠᠶᠢᠭᠤᠯᠤᠭᠰᠠᠨ ᠨᠢ ᠪᠠᠭᠰᠢ ᠠᠵᠢᠯᠳᠠᠨ ᠪᠠ ᠭᠡᠷ ᠤᠨ ᠠᠬᠠᠮᠠᠳ ᠲᠤ ᠶᠡᠭᠡᠭᠡᠨ ᠲᠥᠬᠦᠮ ᠪᠤᠯᠵᠠᠢ᠃    
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号