ᠮᠠᠨ ᠤ ᠬᠤᠰᠢᠭᠤᠨ ᠤ ︽ᠪᠢᠯᠢᠭ ᠤᠨ ᠰᠠᠩ︾ ᠮᠤᠩᠭᠤᠯ ᠨᠤᠮ ᠤᠨ ᠤᠪᠤᠭᠠᠨ ᠤ ᠳᠠᠬᠢᠯᠭ᠎ᠠ ᠳᠡᠭᠡᠷ᠎ᠡ ᠶᠠᠪᠣᠭᠳᠠᠭᠰᠠ | ᠤᠷᠳᠤᠰ ᠬᠤᠳᠠ ᠶᠢᠨ ᠲᠥᠷᠪᠡᠳᠤᠭᠡᠷ ᠬᠤᠭᠤᠴᠠᠭᠠᠨ ᠤ ︽ᠪᠢᠯᠢᠭ ᠤᠨ ᠰᠠᠩ — ᠨᠤᠮ ᠲᠠᠢ ᠮᠤᠩᠭᠤᠯ︾ ᠰᠢᠷᠢᠰ | ᠠᠵᠢᠯᠯᠠᠭᠠᠨ ᠤ ︽ᠪᠠᠭ᠋ᠠᠳᠠᠢ ᠤᠩᠰᠢᠯᠭ᠎ᠠ ᠠᠮᠢᠳᠤᠷᠠᠯ ᠳᠤ ᠨᠦᠯᠦᠭᠡᠯᠡᠨ᠎ᠡ︾ ᠰᠡᠳᠦᠪᠳᠦ ᠨᠤᠮ ᠤᠩᠰᠢᠭᠰᠠᠨ ᠲᠦᠷᠦᠭᠳᠡᠯ ᠤᠨ | ᠣᠷᠣᠯᠳᠤᠭᠠᠨ ᠨᠢ ᠰᠣᠷᠣᠭᠴᠢᠳ ᠤᠨ ᠨᠣᠮ ᠣᠩᠰᠢᠬᠤ ᠣᠷᠮ᠎ᠡ ᠪᠠᠬ᠎ᠠ ᠶᠢ ᠬᠦᠭᠵᠢᠬᠡᠵᠣ ᠪᠠᠶᠢᠨ᠎ᠠ᠃ | | | | | | | ᠡᠨ᠋ᠨ ᠵᠢᠯ ᠤᠨ ︽ᠪᠠᠭ᠋ᠠᠳᠠᠢ ᠤᠩᠰᠢᠯᠭ᠎ᠠ ᠠᠮᠢᠳᠤᠷᠠᠯ ᠳᠤ ᠨᠦᠯᠦᠭᠡᠯᠡᠨ᠎ᠡ︾ ᠰᠡᠳᠦᠪᠳᠦ ᠨᠤᠮ ᠤᠩᠰᠢᠭᠰᠠᠨ | ᠲᠦᠷᠦᠭᠳᠡᠯ ᠤᠨ ᠣᠷᠣᠯᠳᠣᠭᠠᠨ ᠳᠤ ᠪᠦᠬᠦ ᠬᠤᠳᠠ ᠶᠢᠨ ᠶᠢᠰᠦᠨ ᠪᠠᠭ᠎ᠠ ᠰᠤᠷᠭᠠᠭᠤᠯᠢ ᠶᠢᠨ 800 ᠭᠠᠷᠤᠢ ᠰᠤᠷᠤᠭᠴᠢᠳ | ᠤᠨ ᠪᠦᠲᠦᠬᠡᠯ ᠤᠷᠤᠯᠴᠠᠨ ᠲᠡᠷᠢᠭᠦᠨ ᠳᠡᠳ᠋ ᠭᠤᠳᠠᠭᠠᠷ ᠪᠠᠶᠢᠷᠢ ᠶᠢᠨ ᠱᠠᠩᠨᠠᠯ ᠳᠤᠬᠢᠷᠠᠭᠤᠯᠤᠭᠰᠠᠨ ᠠᠴᠠ ᠭᠠᠳᠠᠨ᠎ᠠ ᠵᠦᠪ | ᠪᠢᠴᠢᠯᠭᠡ ᠶᠢᠨ ᠱᠠᠩᠨᠠᠯ᠂ ᠭᠤᠶᠤ ᠭᠠᠷ ᠤᠨ ᠲᠢᠭ ᠤᠨ ᠱᠠᠩᠨᠠᠯ᠂ ᠵᠤᠷᠢᠭᠵᠢᠭᠤᠯᠤᠯ ᠤᠨ ᠱᠠᠩᠨᠠᠯ᠂ ᠬᠠᠮᠤᠭ ᠤᠨ ᠰᠢᠯᠢᠳᠡᠭ | ᠵᠤᠬᠢᠶᠠᠨ ᠪᠠᠶᠢᠭᠤᠯᠤᠭᠰᠠᠨ ᠱᠠᠩᠨᠠᠯ᠂ ᠬᠠᠮᠤᠭ ᠤᠨ ᠰᠢᠯᠢᠳᠡᠭ ᠵᠢᠭᠠᠨ ᠵᠢᠯᠤᠭᠤᠳᠤᠭᠴᠢ ᠶᠢᠨ ᠱᠠᠩᠨᠠᠯ ᠢ ᠳᠤᠬᠢᠷᠠᠭᠤᠯᠵᠤ ᠨᠤᠮ | ᠰᠠᠶᠢᠨ ᠤᠩᠰᠢᠭᠰᠠᠨ᠂ ᠦᠰᠦᠭ ᠢᠶᠠᠨ ᠵᠦᠪ ᠪᠢᠴᠢᠵᠦ ᠰᠠᠶᠢᠬᠠᠨ ᠪᠢᠴᠢᠳᠡᠭ ᠰᠤᠷᠤᠭᠴᠢᠳ ᠪᠠ ᠢᠳᠡᠪᠬᠢᠳᠡᠢ ᠤᠷᠤᠯᠴᠠᠳᠠᠭ | ᠪᠠᠭᠰᠢ ᠨᠠᠷ ᠢ ᠱᠠᠩᠨᠠᠨ ᠬᠦᠬᠢᠬᠦᠯᠦᠭᠰᠡᠨ ᠪᠠᠶᠢᠨ᠎ᠠ᠃ | | | | | | | ︽ᠪᠠᠭ᠋ᠠᠳᠠᠢ ᠤᠩᠰᠢᠯᠭ᠎ᠠ ᠠᠮᠢᠳᠤᠷᠠᠯ ᠳᠤ ᠨᠦᠯᠦᠭᠡᠯᠡᠨ᠎ᠡ︾ ᠰᠡᠳᠦᠪᠳᠦ ᠨᠤᠮ ᠤᠩᠰᠢᠭᠰᠠᠨ ᠲᠦᠷᠦᠭᠳᠡᠯ ᠤᠨ | ᠣᠷᠣᠯᠳᠣᠭᠠᠨ ᠨᠢ 2015 ᠣᠨ ᠳᠤ ᠬᠠᠮᠤᠭ ᠠᠩᠬ᠎ᠠ ᠮᠠᠨ ᠤ ᠬᠤᠰᠢᠭᠤᠨ ᠤ ᠮᠤᠩᠭᠤᠯ ᠦᠨᠳᠦᠰᠦᠲᠡᠨ ᠤ ᠲᠤᠷᠰᠢᠯᠳᠠ | ᠶᠢᠨ ᠪᠠᠭ᠎ᠠ ᠰᠤᠷᠭᠠᠭᠤᠯᠢ ᠳᠤ ᠶᠠᠪᠤᠭᠳᠠᠵᠤ ᠪᠠᠶᠢᠭᠰᠠᠨ ᠠᠴᠠ ᠤᠳᠤ ᠪᠤᠯᠬᠤ ᠳᠤ ᠪᠦᠬᠦ ᠬᠤᠳᠠ ᠶᠢᠨ ᠭᠡᠪᠴᠢᠶ᠎ᠠ ᠲᠠᠢ ᠳᠣᠮᠣ | ᠰᠣᠶᠣᠯ ᠤᠨ ᠠᠵᠢᠯᠯᠠᠭ᠎ᠠ ᠪᠤᠯᠵᠤ ᠦᠷᠬᠡᠵᠢᠪᠠ᠃ ᠠᠵᠢᠯᠯᠠᠭᠠᠨ ᠳᠤ ᠪᠠᠰᠠ ᠤᠷᠳᠤᠰ ᠬᠤᠳᠠ ᠶᠢᠨ ᠬᠡᠰᠡᠭ ᠮᠤᠩᠭᠤᠯ ᠪᠠᠭ᠎ᠠ | ᠰᠤᠷᠭᠠᠭᠤᠯᠢ ᠶᠢᠨ ᠪᠠᠭᠰᠢ᠂ ᠨᠤᠮ ᠬᠡᠪᠯᠡᠯ ᠤᠨ ᠠᠵᠢᠯᠲᠠᠨ᠂ ᠨᠤᠳᠤᠭ ᠤᠨ ᠲᠤᠮᠤᠭᠠᠲᠠᠳ ᠠᠴᠠ ᠬᠡᠦᠬᠡᠳ ᠪᠠᠭᠠᠴᠤᠳ ᠤᠨ | ᠤᠩᠰᠢᠬᠤ ᠨᠤᠮ᠂ ᠬᠡᠯᠡ ᠪᠢᠴᠢᠭ ᠤᠨ ᠵᠢᠭᠠᠨ ᠰᠤᠷᠭᠠᠯᠳᠠ᠂ ᠬᠡᠯᠡ ᠶᠠᠷᠢᠶᠠᠨ ᠤ ᠠᠰᠠᠭᠤᠳᠠᠯ ᠤᠨ ᠳᠤᠭᠤᠷᠢᠨ ᠳᠤ | ᠳᠤᠯᠭᠠᠷᠠᠵᠤ ᠪᠠᠶᠢᠬᠤ ᠠᠰᠠᠭᠤᠳᠠᠯ ᠢ ᠶᠠᠷᠢᠯᠴᠠᠵᠣ ᠰᠠᠨᠠᠯ ᠢᠶᠠᠨ ᠰᠤᠯᠢᠯᠴᠠᠪᠠ᠃ | | | | | | | |