ᠠᠷᠪᠠᠨ ᠬᠤᠷᠤᠭᠤᠨ ᠤ ᠡᠷᠲᠡᠮ ᠠᠵᠦ ᠠᠬᠤᠢ ᠶᠢᠨ ᠠᠰᠢᠭ ᠪᠤᠯᠵᠦ ᠬᠤᠪᠢᠷᠠᠪᠠ
ᠨᠡᠶᠢᠲᠡᠯᠡᠭᠰᠡᠨ ᠴᠠᠭ᠄
2020/11/3
    ᠦᠤᠰᠢᠨ ᠬᠤᠰᠢᠭᠤᠨ ᠤ ᠰᠦᠯᠲᠡ ᠰᠤᠮᠤᠨ ᠤ ᠲᠠᠯ᠎ᠠ ᠶᠢᠨ ᠤᠰᠤ ᠭᠠᠴᠠᠭᠠᠨ ᠤ ᠮᠠᠯᠴᠢᠨ ᠰᠡᠷᠡᠩᠲᠤᠩᠷᠤᠪ ᠬᠡᠷᠬᠡᠢ ᠬᠤᠸᠠᠷ ᠲᠠᠢ ᠪᠠᠨ ᠠᠵᠢᠯᠴᠢ ᠭᠠᠷ ᠤᠨ ᠤᠷᠠᠨ ᠡᠷᠲᠡᠮ ᠢᠶᠠᠷ ᠢᠶᠠᠨ ᠠᠵᠢᠯ ᠤᠨ ᠰᠡᠯᠡᠬᠦᠤ ᠴᠠᠭ ᠲᠠᠭᠠᠨ ᠭᠠᠷ ᠤᠷᠠᠯᠠᠯ ᠬᠢᠵᠦ᠂ ᠠᠮᠢᠲᠤᠷᠠᠯ ᠠᠬᠤᠢ ᠪᠠᠨ ᠥ ᠬᠡᠳᠡ ᠲᠠᠳᠠᠨ᠂ ᠠᠵᠠ ᠵᠢᠷᠭᠠᠯ ᠲᠠᠢ ᠠᠮᠢᠳᠤᠷᠠᠵᠤ ᠪᠠᠶᠢᠨᠠᠮ᠃     ᠪᠢᠲᠠ ᠰᠡᠷᠡᠩᠲᠤᠩᠷᠤᠪ ᠤᠨ ᠳᠤ ᠬᠦᠷᠬᠦ ᠳᠤ᠂ ᠨᠠᠮᠤᠷ ᠤᠨ ᠠᠵᠢᠯ ᠰᠢᠪᠲᠤᠷᠠᠭᠠᠨ ᠳᠠᠭᠠᠨ ᠤᠷᠤᠵᠦ᠂ ᠡᠪᠡᠰᠦ ᠪᠤᠷᠲᠤᠭ᠎ᠠ ᠪᠠᠨ ᠬᠤᠷᠢᠶᠠᠵᠦ᠂ ᠡᠪᠤᠯᠵᠢᠵᠥ ᠬᠠᠪᠤᠷᠵᠢᠬᠤ ᠲᠦᠯ ᠮᠠᠯ ᠤᠨ ᠨᠦᠬᠡᠴᠡ ᠡᠪᠡᠰᠦ ᠪᠠᠨ ᠬᠠᠩᠭᠠᠮᠵᠢᠲᠠᠢ ᠪᠡᠯᠡᠳᠬᠡᠴᠢᠭᠡᠬᠡᠳ ᠬᠤᠶᠠᠭᠤᠯᠠ ᠬᠡᠷ ᠲᠡᠭᠡᠨ ᠣᠷᠠᠨ ᠬᠠᠳᠬᠤᠮᠠᠯ ᠢᠶᠠᠨ ᠬᠠᠳᠬᠤᠵᠤ ᠪᠠᠶᠢᠯ᠎ᠠ᠃     ᠰᠡᠷᠡᠩᠲᠤᠩᠷᠤᠪ ᠤᠨ ᠬᠡᠷᠭᠡᠢ ᠬᠤᠸᠠᠷ ᠪᠤᠯ ᠨᠤᠲᠤᠭ ᠤᠨ ᠤᠯᠠᠮᠵᠢᠯᠠᠯᠲᠦ ᠬᠠᠳᠬᠤᠮᠠᠯ ᠳᠤ ᠮᠠᠰᠢ ᠲᠤᠷ᠎ᠠ ᠰᠤᠨᠢᠷᠬᠠᠯᠲᠠᠢ ᠬᠦᠮᠦᠨ ᠪᠤᠯᠬᠤᠷ ᠠᠵᠢᠯ ᠤᠨ ᠰᠡᠯᠡᠭᠦᠤ ᠴᠠᠭ ᠢᠶᠠᠷ ᠢᠶᠠᠨ ᠤᠯᠠᠮᠵᠢᠯᠠᠯᠳᠤ ᠤᠶᠤᠳᠠᠯ ᠤᠨ ᠠᠷᠭ᠎ᠠ ᠮᠡᠷᠭᠡᠵᠢᠯ ᠢ ᠨᠣᠳᠤᠬ ᠤᠨ ᠠᠬᠠᠮᠠᠳ ᠲᠤᠮᠤᠭᠠᠲᠠᠳ ᠠᠴᠠ ᠨᠠᠷᠢᠨ ᠠᠰᠠᠭᠤᠨ ᠨᠢᠮᠪᠠᠢ ᠰᠤᠷᠤᠯᠴᠠᠬᠤ ᠶᠢᠨ ᠬᠠᠮᠲᠦ ᠤᠷᠠᠨ ᠬᠠᠳᠬᠤᠮᠠᠯ ᠤᠨ ᠪᠤᠯᠪᠠᠰᠤᠷᠠᠯ ᠤᠨ ᠠᠩᠬᠢ ᠳᠤ ᠰᠤᠷᠤᠯᠴᠠᠨ᠂ ᠤᠨᠤᠯ ᠪᠤᠯᠤᠨ ᠮᠡᠷᠭᠡᠵᠢᠯ ᠢᠶᠠᠨ ᠤᠯᠠᠮ ᠲᠡᠭᠡᠭᠰᠢᠯᠡᠬᠦᠯᠵᠡᠢ᠃     ᠢᠩᠬᠢᠬᠡᠳ ᠲᠡᠭᠦᠨ ᠤ ᠬᠠᠳᠬᠤᠮᠠᠯ ᠭᠠᠵᠠᠷ ᠤᠷᠤᠨ ᠤ ᠣᠨᠴᠠᠯᠢᠬ᠂ ᠥᠨᠳᠥᠰᠥᠳᠡᠨ ᠤ ᠥ ᠪᠡᠷᠮᠢᠴᠨ ᠪᠤᠷᠤᠭᠵᠢᠭᠤᠨ ᠤᠨᠴᠠᠯᠢᠭ ᠢ ᠭᠠᠷᠭᠠᠵᠦ ᠴᠢᠲᠠᠭᠰᠠᠨ ᠢᠶᠠᠷ ᠢᠶᠠᠨ ᠥᠷᠬᠡᠨ ᠤᠯᠠᠨ ᠬᠡᠷᠡᠭᠯᠡᠭᠴᠢᠳ ᠤᠨ ᠲᠤᠷ᠎ᠠ ᠪᠠᠬ᠎ᠠ ᠶᠢ ᠲᠠᠲᠠᠵᠦ᠂ ᠵᠠᠬᠢᠶᠠᠯᠠᠭ᠎ᠠ ᠨᠢ ᠠᠷᠪᠢᠳᠴᠤ᠂ ᠠᠵᠦ ᠠᠬᠤᠢ ᠶᠢᠨ ‍ᠤᠷᠤᠯᠭ᠎ᠠ ᠨᠢ ᠨᠡᠮᠡᠭᠳᠡᠭᠰᠡᠨ ᠪᠠᠶᠢᠨ᠎ᠠ᠃     ᠪᠦᠰᠡᠭᠦᠢ ᠶᠢᠨ ᠢᠶᠠᠨ ᠤᠷᠠᠨ ᠭᠠᠷ ᠤᠨ ᠡᠷᠲᠡᠮ ᠢᠶᠠᠷ ᠤᠷᠤᠯᠭ᠎ᠠ ᠤᠯᠬᠤ ᠶᠢ ᠬᠠᠷᠠᠭᠠᠳ ᠪᠠᠭ᠎ᠠ ᠠᠴᠠ ᠪᠠᠨ ᠰᠠᠶᠢᠯᠣᠮᠠᠯ ᠣᠷᠠᠯᠠᠯ ᠳᠤ ᠲᠣᠷ᠎ᠠ ᠪᠠᠬ᠎ᠠ ᠲᠠᠢ ᠰᠡᠷᠡᠩᠲᠤᠩᠷᠤᠪ ᠭᠤᠸᠡᠢ ᠴᠥ ᠰᠡᠶᠢᠯᠦᠮᠡᠯ ᠤᠷᠠᠯᠠᠯ ᠢ ᠰᠣᠷᠴᠣ ᠡᠬᠢᠯᠡᠭᠰᠡᠨ ᠪᠠᠶᠢᠨ᠎ᠠ᠃ ᠣᠳᠣ ᠲᠡᠬᠦᠨ ᠤ ᠠᠪᠢᠶᠠᠰ ᠪᠢᠯᠢᠭ ᠪᠤᠯᠤᠨ ᠰᠢᠷᠭᠠᠭᠤ ᠴᠢᠷᠮᠠᠶᠢᠯᠭ᠎ᠠ ᠪᠠᠷ ᠪᠥᠳᠥᠬᠡᠭᠳᠡᠭᠰᠡᠨ ᠦᠨᠳᠤᠰᠤᠳᠡᠨ ᠤ ᠰᠤᠶᠤᠯ ᠤᠨ ᠬᠡᠪ ᠨᠠᠮᠪᠠ ᠲᠠᠢ ᠰᠡᠶᠢᠯᠤᠮᠠᠯ ᠤᠷᠠᠯᠠᠯ ᠨᠢ ᠴᠥ ᠵᠠᠬ᠎ᠠ ᠲᠡᠯᠭᠡᠭᠦᠷ ᠲᠤ ᠭᠠᠷᠴᠥ ᠤᠷᠤᠯᠭ᠎ᠠ ᠤᠯᠵᠦ ᠡᠬᠢᠯᠡᠯ᠎ᠡ᠃ ︽ᠤᠲᠤ ᠪᠢᠲᠠ ᠬᠤᠶᠠᠭᠤᠯᠠ ᠠᠵᠢᠯ ᠤᠨ ᠰᠡᠯᠡᠭᠦᠤ ᠴᠠᠭ ᠢᠶᠠᠷ ᠢᠶᠠᠨ ᠭᠠᠷ ᠤᠷᠠᠯᠠᠯ ᠬᠢᠵᠦ᠂ ᠵᠢᠯ ᠳᠤ 2 — 3 ᠲᠦ᠋ᠮᠡᠨ ᠲᠦᠭᠦᠷᠢᠭ ᠤᠨ ᠣᠷᠣᠯᠭ᠎ᠠ ᠤᠯᠵᠦ ᠪᠠᠶᠢᠨ᠎ᠠ᠃ ᠲᠡᠷᠠᠭᠠᠴᠢ ᠪᠠᠷ ᠡᠨᠡ ᠬᠦ ᠮᠡᠷᠭᠡᠵᠢᠯ ᠢᠶᠠᠨ ᠤᠯᠠᠮ ᠰᠠᠶᠢᠵᠢᠷᠠᠭᠤᠯᠤᠨ᠂ ᠪᠤᠰᠤᠳ ᠠᠴᠠ ᠤᠨᠴᠠᠯᠢᠭᠳᠠᠰᠡᠨ ᠤᠷᠠᠯᠠᠯ ᠪᠤᠯᠭᠠᠵᠤ᠂ ᠪᠣᠷᠣᠯᠠᠭᠤᠯᠭ᠎ᠠ ᠪᠠᠨ ᠣᠯᠠᠮ ᠨᠡᠮᠡᠭᠳᠡᠬᠦᠯᠤᠨ᠂ ᠠᠵᠣ ᠡᠮᠢᠳᠣᠷᠠᠯ ᠢᠶᠠᠨ ᠣᠯᠠᠮ ᠰᠠᠶᠢᠵᠢᠷᠠᠭᠤᠯᠬᠤ ᠪᠠᠷ ᠴᠢᠷᠮᠠᠶᠢᠵᠣ ᠪᠠᠶᠢᠨ᠎ᠠ︾ ᠭᠡᠵᠦ ᠤᠷᠮᠠᠲᠠᠢ ᠶᠠᠷᠢᠵᠦ ᠪᠠᠶᠢᠯ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号