ᠠᠪᠤ ᠡᠵᠢ ᠳᠡᠭᠡᠨ ᠠᠴᠢᠯᠠᠯ ᠲᠠᠢ ᠰᠠᠶᠢᠨ ᠪᠡᠷᠢ
ᠨᠡᠶᠢᠲᠡᠯᠡᠭᠰᠡᠨ ᠴᠠᠭ᠄
2020/11/3
 ᠠᠮᠢᠳᠤᠷᠠᠯ ᠭᠥᠲᠡᠯᠮᠥᠷᠢ ᠶᠢᠨ ᠳᠤᠮᠲᠠ ᠠᠴᠠ ᠥᠪᠡᠷ ᠢᠶᠠᠨ ᠪᠠᠶᠠᠷ ᠵᠢᠷᠭᠠᠯ ᠢ ᠣᠯᠵᠤ ᠭᠥᠷᠲᠡᠬᠦ ᠪᠠᠷ ᠪᠠᠷᠠᠬᠤ ᠦᠭᠡᠢ ᠂ ᠥᠭᠡᠷ᠎ᠡ ᠪᠤᠰᠤᠳ ᠲᠤ ᠴᠤ ᠪᠠᠶᠠᠷ ᠵᠢᠷᠭᠠᠯ ᠢ ᠭᠥᠷᠲᠡᠭᠡᠵᠦ ᠶᠠᠪᠤᠪᠠᠯ ᠲᠡᠷᠡ ᠰᠠᠶ᠋ᠢ ᠵᠢᠩᠬᠢᠨᠢ ᠵᠢᠷᠭᠠᠯ ᠲᠠᠢ ᠭᠥᠮᠥᠨ ᠳᠤ ᠲᠣᠭᠠᠴᠠᠭᠳᠠᠨ᠎ᠠ᠂ ᠮᠦᠨ ᠴᠤ ᠠᠰ ᠤᠨ ᠪᠡᠶ᠎ᠡ ᠪᠠᠨ ᠴᠢᠯᠡᠭᠡᠬᠦ ᠶᠢ ᠥᠴᠥᠬᠡᠨ ᠴᠦ ᠬᠠᠶᠢᠬᠤᠷᠤᠯ ᠦᠭᠡᠢ ᠪᠠᠷ ᠠᠪᠤ ᠡᠵᠢ ᠪᠠᠨ ᠠᠰᠠᠷᠠᠨ ᠰᠤᠪᠢᠯᠠᠵᠤ ᠶᠠᠪᠤᠬᠤ ᠨᠢ ᠵᠢᠩᠬᠢᠨᠢ ᠪᠤᠶᠠᠨ ᠲᠠᠢ ᠭᠥᠮᠥᠨ ᠳᠤ ᠲᠤᠭᠠᠴᠠᠭᠳᠠᠨ᠎ᠠ᠃ ᠭᠥᠮᠥᠨ ᠤ ᠠᠮᠢᠲᠤᠷᠠᠯ ᠤᠨ ᠠᠶᠠᠨ ᠵᠠᠮ ᠳᠤ ᠪᠠᠶᠠᠷ ᠪᠠᠶᠠᠰᠤᠯ᠂ ᠵᠢᠷᠭᠠᠯ ᠵᠣᠪᠠᠯᠠᠩ᠂ ᠭᠥᠴᠢᠷ ᠪᠡᠷᠬᠡᠰᠢᠶᠡᠯ ᠤᠯᠠᠷᠢᠨ ᠡᠭᠡᠯᠵᠢᠯᠡᠵᠤ ᠪᠠᠶᠢᠳᠠᠭ ᠨᠢ ᠶᠢᠷᠲᠢᠡᠴᠦ ᠶᠢᠨ ᠵᠢᠮ᠎ᠡ ᠶᠤᠰᠤ ᠶᠤᠮ᠃ ᠲᠡᠶᠢᠮᠤ ᠪᠤᠯᠬᠤᠷ ᠪᠠᠶᠠᠰᠤᠨ ᠴᠡᠩᠬᠡᠵᠤ ᠪᠠᠶᠢᠬᠤ ᠳᠠᠭᠠᠨ ᠭᠥᠰᠡᠯ ᠮᠥᠷᠥᠭᠡᠲᠦᠯ ᠢᠶᠠᠨ ᠲᠠᠶᠠᠭᠳᠠᠬᠤ ᠦᠭᠡᠢ᠂ ᠪᠡᠷᠭᠡᠰᠢᠶᠡᠯ ᠵᠤᠪᠠᠯᠠᠩ ᠳᠤ ᠤᠴᠠᠷᠠᠭᠰᠠᠨ ᠦᠶ᠎ᠡ ᠳᠤ ᠢᠲᠡᠭᠡᠯ ᠵᠣᠷᠢᠭ ᠢᠶᠠᠨ ᠠᠯᠳᠠᠬᠤ ᠦᠭᠡᠢ ᠪᠠᠷ ᠥᠪᠡᠷ ᠤᠨ ᠢᠶᠠᠨ ᠵᠣᠷᠢᠭᠰᠠᠨ ᠥᠢᠯᠡᠰ ᠢᠶᠠᠨ ᠵᠣᠷᠢᠭᠲᠠᠢ ᠪᠡᠶᠡᠯᠡᠬᠦᠯᠬᠦ ᠪᠣᠯ ᠠᠮᠵᠢᠯᠲᠠ ᠳᠤ ᠭᠥᠷᠭᠦ ᠭᠥᠮᠥᠨ ᠤ ᠥᠡᠳᠥᠰᠥᠨ ᠵᠠᠷᠴᠢᠮ ᠵᠤᠮ᠃
    ᠥᠨᠥᠳᠥᠷ ᠪᠢ ᠤᠩᠰᠢᠭᠴᠢᠳ ᠤᠯᠠᠨ ᠳᠠᠭᠠᠨ ᠶᠠᠭ ᠢᠩᠬᠢᠵᠤ ᠬᠦᠮᠤᠨ ᠤ ᠠᠮᠢᠳᠤᠷᠠᠯ ᠤᠨ ᠰᠠᠶᠢᠨ ᠰᠠᠶᠢᠬᠠᠨ ᠢ ᠭᠥᠰᠡᠨ ᠮᠥᠷᠥᠭᠡᠳᠴᠦ ᠬᠦᠴᠤᠯᠡᠨ ᠬᠦᠢᠴᠡᠳᠬᠡᠵᠦ ᠶᠠᠪᠤᠭ᠎ᠠ᠂ ᠬᠠᠳᠠᠮ ᠠᠪᠤ ᠡᠵᠢ ᠳᠡᠭᠡᠨ ᠠᠴᠢᠯᠠᠯ ᠬᠠᠶᠢᠷ᠎ᠠ ᠲᠠᠢ᠂ ᠣᠯᠠᠨ ᠬᠠᠲᠠᠭᠤ ᠪᠡᠷᠬᠡ ᠶᠢ ᠲᠤᠭᠤᠯᠵᠤ ᠢᠷᠡᠭᠰᠡᠨ ᠨᠢᠭᠡᠨ ᠴᠣᠬᠤᠮ ᠰᠠᠶᠢᠨ ᠪᠡᠷᠢ ᠶᠢᠨ ᠥᠢᠯᠡ ᠠᠵᠢᠯᠯᠠᠭ᠎ᠠ ᠶᠢ ᠨᠤᠲᠤᠭ ᠤᠰᠤ ᠲᠠᠢ ᠨᠢ ᠬᠠᠮᠲᠤ ᠲᠠᠨᠢᠯᠴᠠᠭᠤᠯᠬᠤ ᠪᠠᠷ ᠪᠠᠶᠢᠨ᠎ᠠ᠃     ᠥᠥᠰᠢᠨ ᠬᠤᠰᠢᠭᠤᠨ ᠤ ᠤᠯᠠᠭᠠᠲᠤᠯᠤᠭᠠᠢ ᠪᠠᠯᠭᠠᠰᠤᠨ ᠤ ᠪᠠᠶ᠋ᠬᠠᠣᠪᠣᠭ᠎ᠠ ᠭᠠᠴᠠᠭᠠᠨ ᠤ ᠪᠠᠶᠠᠠᠭᠥ᠋ᠳᠡᠭᠡ ᠮᠠᠯᠵᠢᠯ ᠤᠨ ᠬᠤᠷᠰᠢᠶ᠎ᠡ ᠪᠤᠯ ᠮᠡᠯᠮᠡᠯᠵᠡᠨ ᠳᠣᠯᠬᠢᠶᠠᠯᠠᠬᠤ ᠲᠤᠩᠭᠠᠯᠠᠭ ᠰᠠᠶᠢᠬᠠᠨ ᠵᠠᠳᠠᠭᠠᠢ ᠪᠥᠷᠢᠳᠦ ᠲᠠᠢ᠂ ᠮᠢᠷᠠᠯᠵᠠᠨ ᠨᠠᠶᠢᠭᠤᠬᠤ ᠥᠳᠬᠡᠨ ᠰᠠᠬᠤᠯᠢᠭ ᠡᠪᠡᠰᠦ ᠬᠤᠯᠤᠰᠤ ᠲᠠᠢ᠂ ᠮᠠᠶᠢᠯᠠᠯᠲᠤᠨ ᠪᠡᠯᠴᠢᠬᠦ ᠪᠠᠶᠠᠨ ᠲᠠᠩᠰᠤᠭ ᠮᠠᠯ ᠰᠥᠷᠥᠭ ᠲᠠᠢ᠂ ᠮᠠᠩᠯᠠᠶᠢᠯᠠᠨ ᠠᠵᠢᠯᠯᠠᠳᠠᠭ ᠭᠥᠲᠡᠯᠮᠥᠷᠢᠴᠢ ᠣᠯᠠᠨ ᠮᠠᠯᠴᠢᠨ ᠠᠷᠠᠳ ᠲᠠᠢ ᠮᠠᠰᠢ ᠰᠠᠶᠢᠬᠠᠨ ᠨᠣᠲᠤᠭ ᠶᠤᠮ᠃ ᠡᠨᠡ ᠨᠤᠲᠤᠭ ᠲᠤ ᠯᠣᠩᠬᠤ ᠬᠡᠰᠡᠨ ᠠᠬᠠᠮᠠᠳ ᠪᠠᠭᠰᠢ ᠶᠢᠨ ᠬᠢᠨ ᠨᠤᠲᠤᠭᠯᠠᠭᠰᠠᠭᠠᠷ ᠢᠷᠡᠵᠠᠢ᠃ ᠯᠣᠩᠬᠤ ᠪᠠᠭᠰᠢ ᠪᠣᠯ ᠥᠥᠰᠢᠨ ᠬᠤᠰᠢᠭᠤᠨ ᠳᠠᠭᠠᠨ ᠤᠳᠠᠭᠠᠨ ᠵᠢᠯ ᠰᠤᠷᠭᠠᠭᠤᠯᠢ ᠶᠢᠨ ᠵᠠᠬᠢᠷᠤᠯ ᠤᠨ ᠲᠤᠰᠢᠶᠠᠯ ᠢ ᠡᠭᠦᠷᠭᠡᠯᠡᠵᠤ ᠢᠷᠡᠭᠰᠡᠨ ᠭᠠᠪᠢᠶᠠᠲᠤ ᠪᠠᠭᠰᠢ ᠶᠤᠮ᠃ ᠯᠣᠩᠬᠤ ᠪᠠᠭᠰᠢ ᠶᠢᠨ ᠪᠥᠰᠡᠬᠦᠢ ᠶᠢ ᠨᠢ ᠡᠷᠳᠡᠨᠢᠵᠤᠯᠠ ᠭᠡᠳᠡᠭ᠃ ᠨᠤᠲᠤᠭ ᠤᠰᠤᠠ ᠳᠠᠭᠠᠨ ᠬᠠᠰᠢᠷ ᠮᠠᠯᠴᠢᠨ ᠢᠶᠠᠷ ᠠᠯᠳᠠᠷᠰᠢᠵᠤ ᠣᠯᠠᠨ ᠳᠠᠶᠠᠭᠠᠷ ᠲᠠᠭᠠᠨ ᠬᠥᠷᠢᠶᠡᠯᠡᠯ ᠲᠠᠢ ᠶᠠᠪᠤᠭᠰᠠᠨ ᠮᠠᠯᠴᠢᠨ ᠶᠤᠮ᠃ ᠲᠡᠳ᠋ᠨ ᠬᠤᠶᠠᠷ ᠨᠢᠭᠡ ᠭᠡᠤᠬᠡᠨ᠂ ᠬᠤᠶᠠᠷ ᠭᠥᠥ ᠲᠠᠢ᠃ ᠭᠡᠤᠭᠡᠨ ᠢ ᠨᠢ ᠵᠢᠭᠠᠰᠤ ᠭᠡᠳᠡᠭ᠂ ᠣᠳᠤ ᠨᠤᠲᠤᠭ ᠲᠠᠭᠠᠨ ᠪᠠᠶᠠᠨ ᠲᠠᠩᠰᠤᠭ ᠠᠮᠢᠳᠣᠷᠠᠨ ᠰᠠᠭᠤᠵᠤ ᠪᠠᠶᠢᠨ᠎ᠠ᠃ ᠶᠡᠭᠡ ᠬᠦᠦ ᠶᠢ ᠨᠢ ᠬᠠᠰᠴᠢᠯᠠᠭᠤ ᠭᠡᠳᠡᠭ᠂ ᠥᠥᠰᠢᠨ ᠬᠤᠰᠢᠭᠤᠨ ᠤ ᠮᠣᠩᠭᠤᠯ ᠦᠨᠳᠤᠰᠤᠳᠠᠨ ᠤ ᠲᠤᠷᠰᠢᠯᠲᠠ ᠶᠢᠨ ᠪᠠᠭ᠎ᠠ ᠰᠤᠷᠭᠠᠭᠠᠤᠯᠢ ᠳᠤ ᠠᠵᠢᠯᠯᠠᠵᠤ ᠪᠠᠶᠢᠨ᠎ᠠ᠃ ᠪᠠᠭ᠎ᠠ ᠬᠦᠦ ᠶᠢ ᠨᠢ ᠠᠭᠤᠯᠠ ᠭᠡᠳᠡᠭ᠂ ᠥᠥᠰᠢᠨ ᠬᠤᠰᠢᠭᠤᠨ ᠤ ᠬᠢᠵᠢᠭ ᠢ ᠰᠡᠷᠭᠡᠶᠢᠯᠡᠨ ᠡᠵᠡᠮᠳᠡᠬᠦ ᠲᠥᠪ ᠲᠤ ᠠᠵᠢᠯᠯᠠᠵᠤ ᠪᠠᠶᠢᠨ᠎ᠠ᠃ ᠯᠣᠩᠬᠤ ᠪᠠᠭᠰᠢ ᠶᠢᠨ ᠬᠢᠨ ᠪᠣᠯ ᠰᠤᠶᠤᠯ ᠲᠡᠤᠬᠡᠲᠤ ᠭᠡᠷ ᠪᠥᠯᠢ᠂ ᠡᠪ ᠨᠠᠶᠢᠷᠰᠠᠭ ᠭᠡᠷ ᠪᠥᠯᠢ᠂ ᠨᠤᠲᠤᠭ ᠤᠰᠤᠨ ᠳᠠᠭᠠᠨ ᠠᠯᠳᠠᠷ ᠭᠥᠡᠲᠥᠲᠡᠢ ᠭᠡᠷ ᠪᠥᠯᠢ ᠶᠤᠮ᠃ ᠡᠶᠢᠮᠦ ᠰᠠᠶᠢᠬᠠᠨ ᠭᠡᠷ ᠪᠥᠯᠢ ᠳᠤ 1992 ᠣᠨ ᠳᠤ ᠪᠠᠭ᠎ᠠ ᠪᠠᠷᠢ ᠨᠢ ᠪᠣᠯᠵᠤ ᠮᠤᠷᠳᠠᠵᠤ ᠢᠷᠡᠭᠰᠡᠨ ᠤᠯᠠᠭᠠᠨ ᠪᠣᠯ ᠲᠤᠰ ᠬᠤᠰᠢᠭᠤᠨ ᠤ ᠭᠠᠯᠠᠭᠤᠲᠤ ᠰᠤᠮᠤᠨ ᠤ ᠪᠠᠶ᠋ᠬᠠᠥ᠋ᠡᠲᠥᠷ ᠭᠠᠴᠠᠭᠠᠨ ᠤ ᠪᠠᠶᠠᠠᠲᠠᠯ᠎ᠠ ᠪᠠᠭ᠎ᠠ ᠪᠠᠷᠢᠭᠠᠲᠠ ᠳᠤ ᠨᠤᠲᠤᠭ ᠲᠠᠢ ᠭᠡᠤᠭᠡᠨ ᠶᠤᠮ᠃ ᠤᠳᠠᠯ ᠦᠭᠡᠢ ᠠᠭᠤᠯᠠ᠂ ᠤᠯᠠᠭᠠᠨ ᠬᠤᠶᠠᠭᠤᠯᠠ ᠠᠴᠠ ᠨᠢᠭᠡᠨ ᠬᠡᠦᠬᠡᠨ ᠥᠷ᠎ᠡ ᠵᠠᠶᠠᠭᠠᠭᠰᠠᠨ ᠳᠤ ᠠᠯᠢᠶ᠎ᠠ ᠬᠡᠰᠡᠨ ᠰᠠᠶᠢᠬᠠᠨ ᠨᠡᠷ᠎ᠡ ᠬᠠᠶᠢᠷᠠᠯᠠᠵᠠᠢ᠃ ᠤᠯᠠᠭᠠᠨ ᠤ ᠡᠷ᠎ᠡ ᠨᠥᠬᠦᠷ ᠨᠢ ᠠᠯᠪᠠᠨ ᠤ ᠠᠵᠢᠯ ᠳᠠᠭᠠᠨ ᠥᠷᠭᠦᠯᠵᠢ ᠶᠠᠭᠠᠷᠠᠳᠠᠭ ᠪᠣᠯᠬᠤᠷ ᠠᠷᠤ ᠭᠡᠷ ᠤᠨ ᠬᠢᠨᠢ ᠠᠯᠢᠪᠠ ᠠᠵᠢᠯ ᠭᠥᠳᠡᠯᠮᠥᠷᠢ ᠴᠦᠮ ᠤᠯᠠᠭᠠᠨ ᠤ ᠮᠥᠷᠥᠨ ᠳᠡᠭᠡᠷ᠎ᠡ ᠳᠠᠯᠪᠢᠭᠳᠠᠵᠤ᠂ ᠥᠢᠯᠡᠳᠪᠥᠷᠢᠯᠡᠯ ᠤᠨ ᠨᠥᠬᠦᠴᠡᠯ ᠬᠤᠴᠤᠷᠤᠩᠭᠤᠢ᠂ ᠠᠮᠢᠳᠤᠷᠠᠯ ᠠᠬᠤᠢ ᠨᠢ ᠭᠥᠴᠢᠷᠳᠡᠯᠲᠡᠢ ᠪᠠᠶᠢᠭᠰᠠᠨ ᠴᠦ ᠪᠡᠷᠬᠡᠰᠢᠶᠡᠯ ᠤᠨ ᠡᠮᠥᠨ᠎ᠡ ᠲᠤᠯᠤᠭᠠᠢ ᠪᠥᠬᠦ᠋ᠢᠬᠦ ᠦᠭᠡᠢ᠂ ᠭᠥᠴᠢᠷ ᠤᠨ ᠡᠮᠥᠨ᠎ᠡ ᠬᠥᠯ ᠨᠤᠭᠤᠷᠠᠬᠤ ᠦᠭᠡᠢ ᠪᠠᠶᠢᠬᠤ ᠬᠠᠲᠠᠭᠤ ᠵᠣᠷᠢᠭ ᠢ ᠪᠠᠷᠢᠵᠦ ᠰᠢᠪᠠᠭ ᠴᠠᠪᠴᠢᠵᠤ ᠲᠦᠯᠡᠭᠡ ᠡᠭᠦᠷᠭᠦ᠂ ᠤᠰᠤ ᠳᠠᠮᠨᠠᠵᠤ ᠬᠤᠭᠤᠯᠠ ᠪᠤᠳᠠᠭ᠎ᠠ ᠬᠢᠬᠦ᠂ ᠠᠮᠤ ᠬᠠᠭᠤᠷᠴᠤ ᠨᠥᠲᠥᠬᠦ᠂ ᠲᠥᠯ ᠲᠤᠰᠬᠤ᠂ ᠮᠠᠯ ᠢᠶᠠᠨ ᠡᠮᠨᠡᠬᠦ᠂ ᠬᠤᠨᠢ ᠢᠮᠠᠭ᠎ᠠ ᠪᠠᠨ ᠬᠠᠶᠢᠴᠢᠯᠠᠵᠤ ᠰᠠᠮᠨᠠᠬᠤ᠂ ᠰᠦ ᠰᠠᠭᠠᠯᠢ ᠠᠪᠬᠤ᠂ ᠲᠣᠣᠷ ᠭᠥᠷᠢᠶ᠎ᠡ ᠪᠠᠨ ᠰᠡᠯᠪᠢᠨ ᠵᠠᠰᠠᠬᠤ᠂ ᠲᠠᠷᠢᠶ᠎ᠡ ᠲᠠᠷᠢᠬᠤ ᠵᠡᠷᠭᠡ ᠲᠣᠭᠠᠯᠠᠭᠠᠳ ᠪᠠᠷᠠᠰᠢ ᠦᠭᠡᠢ ᠤᠯᠠᠨ ᠠᠷᠪᠢᠨ ᠭᠥᠡᠲᠤ ᠬᠠᠲᠠᠭᠤ ᠭᠦ᠋ᠳᠡᠯᠮᠥᠷᠢ ᠳᠤ ᠭᠠᠷᠮᠠᠭᠠᠶᠢᠯᠠᠨ ᠤᠷᠤᠯᠴᠠᠵᠤ ᠢᠷᠡᠭᠰᠡᠨ ᠢᠶᠠᠷ ᠪᠠᠷᠠᠬᠤ ᠦᠭᠡᠢ᠂ ᠭᠡᠷ ᠪᠥᠯᠢ ᠪᠠᠨ ᠳᠡᠭᠡᠭᠰᠢ ᠲᠠᠲᠠᠬᠤ᠂ ᠠᠴᠢᠷ ᠥᠷ᠎ᠡ ᠪᠠᠨ ᠥᠰᠭᠡᠬᠦ᠂ ᠬᠠᠳᠠᠮ ᠠᠪᠤ ᠡᠵᠢ ᠪᠠᠨ ᠠᠰᠠᠷᠠᠨ ᠰᠤᠪᠢᠯᠠᠬᠤ ᠠᠵᠢᠯ ᠢ ᠴᠦ ᠬᠠᠮᠲᠤ ᠳᠤᠨᠢ ᠴᠥᠮ ᠪᠠᠶᠠᠷ ᠲᠠᠢ᠂ ᠬᠠᠷᠢᠭᠤᠴᠠᠯᠭ᠎ᠠ ᠲᠠᠢ ᠭᠦᠢᠴᠡᠳᠭᠡᠭᠰᠡᠭᠡᠷ ᠢᠷᠡᠵᠡᠢ᠃ ᠡᠶᠢᠮᠦ ᠠᠴᠠ ᠬᠠᠳᠠᠮ ᠠᠪᠤ ᠡᠵᠢ ᠨᠢ ᠤᠴᠠᠷᠠᠭᠰᠠᠨ ᠭᠥᠮᠥᠨ ᠪᠥᠬᠦᠨ ᠳᠤ ︽ᠮᠠᠨ ᠤ ᠳᠤ ᠴᠣᠬᠤᠮ ᠨᠢᠭᠡ ᠰᠠᠶᠢᠨ ᠪᠡᠷᠢ ᠢᠷᠡᠵᠡᠢ︾ ᠬᠡᠮᠡᠨ ᠱᠠᠭᠰᠢᠨ ᠮᠠᠭᠲᠠᠳᠠᠭ ᠪᠠᠶᠢᠵᠠᠢ᠃     ᠤᠯᠠᠭᠠᠨ ᠤ ᠬᠠᠳᠠᠮ ᠠᠪᠤ ᠡᠵᠢ ᠨᠢ ᠲᠡᠩᠭᠡᠭᠡ ᠲᠠᠢ ᠪᠠᠶᠢᠬᠤ ᠳᠠᠭᠠᠨ ᠭᠥᠥ ᠪᠡᠷᠢ ᠳᠡᠭᠡᠨ ᠳᠠᠷᠤᠭᠠᠰᠤ ᠪᠤᠯᠬᠤ ᠦᠭᠡᠢ ᠶᠢᠨ ᠲᠥᠯᠥᠭᠡ ᠬᠤᠶᠠᠷ ᠭᠥᠥ ᠶᠢᠨ ᠳᠡᠭᠡᠨ ᠡᠭᠡᠯᠵᠢᠯᠡᠨ ᠰᠠᠭᠤᠳᠠᠭ ᠪᠠᠶᠢᠵᠠᠢ᠃ ᠬᠠᠳᠠᠮ ᠠᠪᠤ ᠨᠢ ᠭᠡᠨᠡᠳᠲᠡ ᠮᠡᠳᠡᠷᠡᠯ ᠢᠶᠠᠨ ᠠᠯᠳᠠᠵᠤ ᠭᠥᠮᠥᠨ ᠤ ᠭᠠᠷ ᠲᠤ ᠣᠷᠣᠭᠰᠠᠨ ᠲᠤᠯᠠ ᠣᠯᠠᠭᠠᠨ ᠡᠳᠥᠷ ᠰᠥᠨᠢ ᠶᠢ ᠢᠯᠭᠠᠯ ᠦᠭᠡᠢ ᠠᠰᠠᠷᠠᠨ ᠰᠤᠪᠢᠯᠠᠵᠤ᠂ ᠡᠮ ᠲᠠᠩ ᠢ ᠨᠢ ᠴᠠᠭ ᠲᠤᠨᠢ ᠤᠤᠭᠤᠯᠭᠠᠬᠤ᠂ ᠬᠤᠭᠤᠯᠠ ᠪᠤᠳᠠᠭ᠎ᠠ ᠶᠢ ᠨᠢ ᠴᠠᠭ ᠲᠤᠨᠢ ᠲᠥᠬᠦᠭᠡᠷᠴᠦ ᠢᠳᠡᠭᠦᠯᠬᠦ᠂ ᠪᠡᠶ᠎ᠡ ᠶᠢ ᠨᠢ ᠤᠷᠪᠠᠭᠤᠯᠵᠤ ᠭᠥᠷᠪᠡᠬᠦᠯᠬᠦ ᠵᠡᠷᠭᠡ ᠠᠵᠢᠯ ᠤᠳ ᠢ ᠴᠥᠮ ᠬᠠᠳᠠᠮ ᠠᠪᠤ ᠶᠢᠨ ᠢᠶᠠᠨ ᠰᠠᠨᠠᠭ᠎ᠠ ᠪᠠᠷ ᠪᠡᠶᠡᠯᠡᠬᠦᠯᠵᠦ ᠨᠠᠷᠢᠨ ᠨᠢᠮᠪᠡᠢ ᠠᠰᠠᠷᠠᠵᠤ ᠰᠤᠪᠢᠯᠠᠬᠰᠠᠨ ᠢᠶᠠᠷ ᠪᠠᠷ ᠬᠠᠳᠠᠮ ᠠᠪᠤ ᠨᠢ 88 ᠨᠠᠰᠤᠯᠠᠭᠠᠳ ᠪᠤᠷᠬᠠᠨ ᠪᠤᠯᠤᠭᠰᠠᠨ ᠪᠠᠶᠢᠨ᠎ᠠ᠃ ᠬᠠᠳᠠᠮ ᠡᠵᠢ ᠨᠢ ᠡᠨᠡ ᠵᠢᠯ 90 ᠨᠠᠰᠤᠲᠠᠢ᠂ ᠭᠤᠷᠪᠠᠨ ᠵᠢᠯ ᠤᠨ ᠡᠮᠥᠨ᠎ᠡ ᠡᠪᠡᠳᠴᠢᠨ ᠢᠶᠠᠷ ᠭᠥᠮᠥᠨ ᠤ ᠭᠠᠷ ᠲᠤ ᠤᠷᠤᠵᠤ᠂ ᠤᠯᠠᠭᠠᠨ ᠮᠥᠨ ᠯᠠ ᠡᠳᠥᠷ ᠰᠥᠨᠢ ᠶᠢ ᠢᠯᠭᠠᠯ ᠦᠭᠡᠢ ᠠᠰᠠᠷᠠᠨ ᠰᠤᠪᠢᠯᠠᠭᠰᠠᠭᠠᠷ ᠢᠷᠡᠭᠰᠡᠨ ᠪᠠᠶᠢᠨ᠎ᠠ᠃
    ᠤᠯᠠᠭᠠᠨ ᠰᠤᠷᠪᠤᠯᠵᠢᠯᠠᠭᠴᠢ ᠳᠤ ᠶᠠᠷᠢᠬᠤ ᠳᠠᠭᠠᠨ᠄ ︽ᠠᠪᠤ ᠡᠵᠢ ᠪᠣᠯ ᠠᠮᠢᠳᠦ ᠪᠤᠷᠬᠠᠨ ᠶᠤᠮ᠂ ᠰᠠᠶᠢᠬᠠᠨ ᠠᠰᠠᠷᠠᠨ ᠭᠥᠡᠳᠥᠯᠡᠬᠦ ᠶᠤᠰᠤᠲᠠᠢ᠃ ᠠᠪᠤ ᠡᠵᠢ ᠭᠡᠳᠡᠭ ᠨᠢ ᠨᠢᠭᠡ ᠭᠥᠮᠥᠨ ᠳᠤ ᠨᠢᠭᠡᠯᠬᠡᠨ ᠤᠳᠠᠭ᠎ᠠ ᠳᠣᠬᠢᠶᠠᠯᠲᠤᠳᠠᠭ ᠤᠴᠢᠷ ᠠᠴᠠ ᠠᠪᠤ ᠡᠵᠢ ᠪᠠᠨ ᠠᠰᠠᠷᠠᠨ ᠪᠠᠶᠠᠷᠯᠠᠭᠤᠯᠬᠤ ᠡᠨᠡ ᠬᠦ ᠬᠤᠪᠤᠷ ᠨᠠᠨᠳᠢᠨ ᠠᠵᠠ ᠵᠠᠪᠰᠢᠶᠠᠨ ᠪᠣᠯᠣᠨ ᠡᠭᠦᠷᠬᠡ ᠬᠠᠷᠢᠭᠤᠴᠠᠯᠭ᠎ᠠ ᠶᠢ ᠵᠠᠪᠠᠯ ᠰᠠᠶᠢᠬᠠᠨ ᠪᠡᠶᠡᠯᠡᠬᠦᠯᠬᠦ ᠬᠡᠷᠡᠭᠲᠡᠢ︔ ᠭᠥᠮᠥᠨ ᠪᠥᠭᠦᠨ ᠥᠲᠡᠯᠤᠨ᠎ᠠ᠃ ᠥᠲᠡᠯᠬᠦ ᠶᠢᠨ ᠥᠵᠥᠬᠦᠷ ᠬᠠᠶᠢᠷ᠎ᠠ ᠶᠢᠨ ᠬᠠᠷᠢᠭᠤ ᠳᠤ ᠨᠠᠳᠠ ᠳᠤ ᠪᠠᠰᠠ ᠰᠠᠶᠢᠨ ᠰᠠᠶᠢᠬᠠᠨ ᠬᠤᠪᠢ ᠳᠣᠬᠢᠶᠠᠯ ᠤᠴᠠᠷᠠᠬᠤ ᠪᠣᠯᠣᠨ᠎ᠠ ᠭᠡᠳᠡᠭ ᠲᠤ ᠢᠲᠡᠭᠡᠯ ᠲᠥᠭᠦᠷᠡᠩ ᠪᠠᠶᠢᠨ᠎ᠠ︾ ᠭᠡᠪᠡ᠃ ᠤᠯᠠᠭᠠᠨ ᠤ ᠶᠠᠷᠢᠭᠰᠠᠨ ᠢ ᠰᠤᠨᠤᠰᠤᠭᠠᠳ ᠰᠡᠳᠬᠢᠯ ᠮᠢᠨᠢ ᠮᠠᠰᠢ ᠳᠣᠭᠲᠤᠯᠤᠯ᠎ᠠ᠃ ᠳᠡᠬᠦᠨ ᠤ ᠡᠨᠡ ᠬᠦ ᠠᠮᠢᠳᠤᠷᠠᠯ ᠳᠠᠭᠠᠨ ᠪᠠᠶᠠᠰᠤᠩᠭᠤᠢ ᠮᠥᠷᠳᠡᠬᠡᠨ ᠪᠠᠭᠳᠠᠭᠠᠮᠵᠢ ᠲᠠᠢ᠂ ᠢᠷᠡᠭᠡᠲᠦᠢ ᠳᠡᠭᠡᠨ ᠢᠲᠡᠭᠡᠯ ᠲᠠᠢ ᠮᠥᠷᠳᠡᠬᠡᠨ ᠵᠣᠷᠢᠭᠲᠠᠢ ᠬᠠᠨᠲᠤᠳᠠᠭ ᠣᠪᠣᠷ ᠰᠤᠷᠲᠠᠯ ᠨᠢ ᠮᠠᠨ ᠤ ᠰᠢᠨ᠎ᠡ ᠴᠠᠭ ᠦᠶ᠎ᠡ ᠶᠢᠨ ᠪᠠᠷᠢ ᠭᠥᠮᠥᠰ ᠲᠤ ᠲᠦᠢᠯ ᠤᠨ ᠶᠡᠭᠡ ᠳᠠᠭᠤᠷᠢᠶᠠᠯ ᠤᠨ ᠭᠥᠴᠥᠨ ᠪᠣᠯᠣᠨ᠎ᠠ ᠭᠡᠵᠦ ᠪᠢ ᠪᠣᠳᠣᠵᠤ ᠪᠠᠶᠢᠨ᠎ᠠ     1992 ᠣᠨ ᠳᠤ ᠡᠨᠡ ᠠᠶᠢᠯ ᠳᠤ ᠮᠤᠷᠳᠠᠵᠤ ᠢᠷᠡᠭᠰᠡᠨ ᠤᠯᠠᠭᠠᠨ 28 ᠵᠢᠯ ᠤᠨ ᠲᠤᠷᠰᠢ ᠡᠷ᠎ᠡ ᠨᠥᠬᠦᠷ ᠠᠭᠤᠯᠠ ᠲᠠᠢ ᠪᠠᠨ ᠬᠠᠮᠲᠤ ᠪᠠᠷ ᠭᠡᠷ ᠪᠥᠯᠢ ᠪᠠᠨ ᠰᠠᠶᠢᠬᠠᠨ ᠳᠡᠭᠡᠭᠰᠢ ᠲᠠᠲᠠᠵᠤ ᠰᠠᠶᠢᠬᠠᠨ ᠪᠥᠲᠦᠭᠡᠨ ᠪᠠᠶᠢᠭᠤᠯᠵᠤ᠂ ᠭᠡᠷ ᠤᠨ ᠮᠠᠰᠢᠨ ᠲᠤᠨᠤᠭ ᠢᠶᠠᠨ ᠴᠥᠮ ᠴᠠᠬᠢᠯᠭᠠᠨᠵᠢᠭᠤᠯᠵᠤ ᠮᠠᠰᠢᠨᠵᠢᠭᠤᠯᠤᠭᠰᠠᠨ ᠠᠴᠠ ᠥᠩᠭᠡᠷᠡᠭᠰᠡᠨ ᠤ ᠲᠡᠷᠡ ᠬᠦ ᠭᠥᠨᠳᠥ ᠬᠠᠲᠠᠭᠤ ᠪᠡᠶ᠎ᠡ ᠶᠢᠨ ᠭᠥᠳᠡᠯᠮᠥᠷᠢ ᠠᠴᠠ ᠪᠠᠨ ᠪᠥᠷᠢᠮᠥᠰᠦᠨ ᠴᠢᠯᠥᠭᠡᠯᠡᠭᠳᠡᠪᠡ᠃ ᠡᠳᠥᠭᠡ ᠲᠡᠳᠡᠨ ᠤ ᠬᠢᠨ ᠵᠠᠭᠤᠭᠠᠳ ᠬᠤᠨᠢ᠂ 20 ᠮᠦ ᠤᠰᠤᠨ ᠲᠠᠷᠢᠶ᠎ᠠ ᠲᠠᠢ᠂ ᠠᠵᠤ ᠠᠮᠢᠳᠤᠷᠠᠯ ᠨᠢ ᠨᠡᠯᠢᠶᠡᠳ ᠴᠢᠨᠡᠭᠡᠯᠢᠭ ᠪᠤᠯᠵᠤ᠂ ᠥᠡᠳᠥᠷ ᠳᠣᠬᠢᠯᠢᠭ ᠤᠷᠤᠨ ᠰᠠᠭᠤᠴᠠ᠂ ᠥᠩᠭᠡᠲᠦ ᠰᠠᠶᠢᠬᠠᠨ ᠡᠳ᠋ᠯᠡᠯ ᠭᠡᠷᠡᠭᠰᠡᠯ᠂ ᠥᠷᠬᠡᠨ ᠰᠠᠷᠠᠭᠤᠯ ᠭᠡᠷ ᠬᠥᠷᠢᠶ᠎ᠡ᠂ ᠥᠢᠯᠡᠳᠪᠥᠷᠢᠯᠡᠯ ᠭᠥᠳᠡᠯᠮᠥᠷᠢ ᠳᠡᠭᠡᠨ ᠵᠣᠬᠢᠴᠠᠭᠤᠯᠤᠭᠰᠠᠨ ᠵᠦᠢᠯ ᠪᠥᠷᠢ ᠶᠢᠨ ᠲᠷᠠᠺᠲ᠋ᠣᠷ ᠲᠠᠢ ᠮᠦᠷᠳᠡᠭᠡᠨ ᠡᠳᠥᠷ ᠤᠨ ᠠᠵᠢᠯ ᠳᠠᠭᠠᠨ ᠵᠠᠷᠤᠬᠤ ᠠᠴᠠ ᠪᠠᠭ᠎ᠠ ᠮᠠᠰᠢᠨ ᠲᠠᠢ᠂ ᠴᠠᠳᠬᠤᠯᠠᠩ ᠳᠤᠯᠠᠭᠠᠨ ᠠᠶᠢᠯ ᠤᠨ ᠬᠤᠪᠢ ᠪᠠᠷ ᠪᠠᠶ᠋ᠬᠠᠤᠪᠤᠭ᠎ᠠ ᠭᠠᠴᠠᠭᠠᠨ ᠳᠠᠭᠠᠨ ᠪᠠᠶᠠᠵᠢᠭᠰᠠᠨ ᠡᠷᠥᠬᠡ ᠪᠣᠯᠵᠠᠢ᠃ ᠠᠯᠢᠶ᠎ᠠ ᠭᠡᠤᠭᠡᠨ ᠨᠢ ᠶᠡᠭᠡ ᠰᠤᠷᠭᠠᠭᠤᠯᠢ ᠪᠠᠨ ᠳᠡᠭᠦᠰᠭᠡᠵᠦ ᠠᠯᠪᠠᠲᠠᠨ ᠤ ᠰᠢᠯᠭᠠᠯᠲᠠ ᠳᠤ ᠤᠷᠤᠯᠴᠠᠬᠤ ᠪᠠᠷ ᠪᠡᠯᠡᠳᠭᠡᠵᠤ ᠪᠠᠶᠢᠨ᠎ᠠ᠃ ᠰᠠᠶᠢᠨ ᠭᠥᠮᠥᠨ ᠳᠤ ᠰᠠᠶᠢᠬᠠᠨ ᠠᠵᠠ ᠵᠠᠪᠰᠢᠶᠠᠨ ᠳᠣᠬᠢᠶᠠᠯᠲᠤᠨ᠎ᠠ ᠭᠡᠳᠡᠭ ᠲᠤ ᠪᠢ ᠢᠲᠡᠭᠡᠯ ᠲᠠᠢ ᠪᠠᠶᠢᠨ᠎ᠠ᠃     ᠤᠯᠠᠭᠠᠨ ᠤ ᠲᠡᠷᠢᠬᠦᠨ ᠤ ᠵᠢᠱᠢᠶᠡᠴᠢ ᠥᠢᠯᠡ ᠠᠵᠢᠯᠯᠠᠭ᠎ᠠ ᠨᠢ ᠭᠥᠮᠥᠰ ᠤᠨ ᠮᠠᠬᠳᠠᠭᠠᠯ ᠰᠠᠶᠢᠰᠢᠶᠠᠯ ᠢ ᠤᠯᠵᠤ 2019 ᠣᠨ ᠤ 3 ᠰᠠᠷ᠎ᠠ ᠶᠢᠨ 8 ᠤ ᠡᠳᠤᠷ ᠥᠥᠰᠢᠨ ᠬᠤᠰᠢᠭᠤᠨ ᠤ ᠤᠯᠠᠭᠠᠲᠤᠯᠤᠭᠠᠢ ᠪᠠᠯᠭᠠᠰᠤᠨ ᠤ ᠪᠠᠶ᠋ᠬᠠᠣᠪᠣᠭ᠎ᠠ ᠭᠠᠴᠠᠭ᠎ᠠ ᠵᠥᠪᠯᠡᠯ ᠠᠴᠠ ᠤᠯᠠᠭᠠᠨ ᠳᠤ ︽ᠰᠠᠶᠢᠨ ᠪᠡᠷᠢ︾ ᠶᠢᠨ ᠢᠷᠠᠭᠤ ᠠᠯᠳᠠᠷ ᠤᠯᠭᠤᠵᠤ ᠱᠠᠩᠨᠠᠨ ᠭᠥᠬᠢᠭᠦᠯᠥᠭᠰᠡᠨ ᠪᠥᠭᠡᠳ ᠪᠥᠬᠦ ᠭᠠᠴᠠᠭᠠᠨ ᠤ ᠮᠠᠯᠴᠢᠨ ᠲᠥᠮᠡᠨ ᠢᠶᠠᠨ ᠤᠯᠠᠭᠠᠨ ᠨᠥᠬᠦᠷ ᠠᠴᠠ ᠲᠠᠭᠠᠨ ᠰᠤᠷᠤᠯᠴᠠᠲᠤᠭᠠᠢ ᠭᠡᠵᠦ ᠤᠷᠢᠶᠠᠯᠠᠭᠰᠠᠨ ᠪᠠᠶᠢᠨ᠎ᠠ᠃ ᠵᠣᠬᠢᠶᠠᠨ ᠪᠠᠶᠢᠭᠤᠯᠤᠯᠲᠠ ᠶᠢᠨ ᠱᠠᠩᠨᠠᠯ ᠬᠥᠬᠢᠬᠦᠯᠥᠯ ᠪᠣᠯᠣᠨ ᠣᠯᠠᠨ ᠲᠥᠮᠡᠨ ᠤ ᠰᠠᠶᠢᠨ ᠥᠨᠡᠯᠡᠯᠲᠡ ᠳᠤ ᠲᠡᠷᠡ ᠮᠠᠰᠢ ᠶᠡᠭᠡ ᠵᠣᠷᠢᠭᠵᠢᠨ ᠣᠮᠣᠭᠰᠢᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠥᠵᠡᠯ ᠰᠠᠨᠠᠭ᠎ᠠ ᠪᠠᠷ ᠤᠶᠤᠨ ᠢᠶᠠᠨ ᠵᠡᠪᠰᠡᠭᠯᠡᠵᠦ᠂ ᠴᠢᠨᠡᠭᠡᠯᠢᠭ ᠨᠡᠶᠢᠭᠡᠮ ᠢ ᠪᠥᠬᠦ ᠲᠠᠯ᠎ᠠ ᠪᠠᠷ ᠴᠣᠭᠴᠠᠯᠠᠨ ᠪᠠᠶᠢᠭᠤᠯᠬᠤ ᠰᠠᠷᠠᠭᠤᠯ ᠳᠠᠷᠳᠠᠩ ᠵᠠᠮ ᠢᠶᠠᠷ ᠥᠷᠭᠦᠯᠵᠢᠯᠡᠨ ᠴᠡᠭᠡᠵᠢ ᠲᠡᠨᠢᠢᠭᠦᠨ᠂ ᠣᠮᠤᠭ ᠵᠢᠪᠬᠤᠭ᠎ᠠ ᠲᠠᠢ ᠵᠠᠮᠨᠠᠭᠰᠠᠭᠠᠷ ᠁
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号